☆ ᠭᠦᠷᠵᠡᠪ
ᠭᠠᠷ᠂ ᠭᠦᠯ᠂ ᠭᠦᠮᠤᠨ
᠊᠊᠊᠊᠊᠊᠊᠊᠊᠊᠊᠊᠊᠊᠊ ᠡᠪᠦᠷ ᠳᠡᠮᠳᠡᠭᠯᠡᠯ ᠰᠢᠯᠦᠭ᠌ (ᠨᠢᠭᠡ)
ᠭᠠᠷ
ᠭᠠᠷ ᠊᠊᠊᠊᠊᠊᠊᠊᠊᠊᠊᠊᠊᠊᠊ ᠴᠢ᠂ ᠪᠠᠶ᠎ᠠ ᠪᠠᠨ
ᠭᠠᠩᠭ᠋ᠠᠩ ᠴᠠᠪᠠᠷ ᠭᠡᠵᠤ ᠪᠣᠤ ᠪᠣᠳᠤ
ᠭᠠᠳᠠᠭᠠᠳᠤ ᠳᠤᠳᠤᠭᠠᠳᠤ ᠶᠢᠷᠳᠢᠠᠴᠤ ᠵᠢᠨ
ᠭᠦᠷᠴᠤ ᠪᠣᠯᠬᠤ᠂ ᠪᠣᠯᠬᠤ ᠥᠭᠡᠢ
ᠶᠠᠭᠤᠮ᠎ᠠ ᠪᠦᠭᠦᠨ ᠳᠤ ᠴᠢ ᠭᠦᠷᠴᠤ
ᠭᠠᠰᠢᠭᠤᠨ᠂ ᠭᠤᠰᠢᠭᠤᠨ᠂ ᠢᠰᠭᠦᠯᠡᠩ᠂ ᠱᠤᠷᠪᠣᠭ
ᠵᠢᠮᠢᠰ ᠪᠣᠯᠭᠠᠨ ᠢ ᠳᠠᠷᠢᠵᠤ
ᠭᠠᠪᠢᠬᠤ᠂ ᠭᠠᠪᠢᠬᠤ ᠥᠭᠡᠢ
ᠣᠴᠢᠷ ᠪᠦᠭᠦᠳᠡ ᠶᠢ ᠳᠠᠳᠠᠳᠠᠭ᠁
ᠭᠠᠢ᠌ᠳᠠᠭᠤᠯᠵᠤ᠂ ᠵᠠᠷᠢᠮ ᠳ᠋ᠠᠭᠠᠨ
ᠭᠠᠷᠬᠤ᠂ ᠣᠷᠤᠬᠤ ᠡᠭᠦᠳᠡ᠂ ᠵᠠᠮ ᠶᠢᠡᠨ ᠴᠤ
ᠪᠦᠭᠯᠡᠵᠤ
ᠭᠠᠴᠢᠭᠳᠠᠯ᠂ ᠭᠠᠩᠰᠠᠷᠠᠯ
ᠭᠠᠭᠴᠠᠭᠠᠷᠳᠠᠯ᠂ ᠵᠤᠪᠠᠨᠢᠯ ᠢ ᠠᠪᠴᠢᠷᠠᠳᠠᠭ
ᠭᠠᠷ ᠊᠊᠊᠊᠊᠊᠊᠊᠊᠊᠊᠊᠊᠊᠊ ᠴᠢ᠂ ᠪᠠᠶ᠎ᠠ ᠪᠠᠨ
ᠭᠠᠩᠭ᠋ᠠᠩ ᠴᠠᠪᠠᠷ ᠭᠡᠵᠤ ᠪᠣᠤ ᠪᠣᠳᠤ︕
ᠭᠦᠯ
ᠭᠦᠮᠤᠨ ᠢ
ᠭᠦᠮᠤᠨ ᠰᠢᠭ᠌ ᠠᠯᠬᠤᠭᠤᠯᠵᠤ
ᠭᠦᠡᠳᠡᠢ ᠵᠢ
ᠪᠣᠰᠤᠭ᠎ᠠ ᠪᠠᠷ ᠳᠤᠭᠤᠯᠤᠭᠤᠯᠤᠭᠰᠠᠨ
ᠭᠦᠴᠦᠳᠤ ᠡᠷᠭᠡᠳᠡᠨ ᠪᠣᠯ
ᠭᠦᠯ ᠪᠢᠯᠠ
ᠵᠠᠮ ᠢ
ᠵᠠᠯᠬᠠᠭᠤᠷᠠᠯ ᠦᠭᠡᠶ ᠶᠠᠪᠣᠵᠤ
ᠵᠢᠮ᠎ᠠ ᠵᠢ
ᠵᠢᠭ᠍ᠳᠡᠭᠡᠨ ᠵᠢᠷᠭᠢᠭᠦᠯᠳᠡᠭ᠌
ᠵᠦᠢ ᠶᠤᠰᠤ ᠪᠣᠯ ᠭᠦᠯ ᠪᠢᠯᠠ
ᠵᠠᠪᠠᠯ ᠭᠦᠷᠭᠦ ᠭᠠᠵᠠᠷ ᠵᠢᠠᠨ
ᠵᠢᠪᠠᠷ ᠳᠠᠳᠠᠭᠤᠯᠤᠨ ᠣᠴᠢᠳᠠᠭ
ᠵᠠᠳᠠᠭᠠᠢ ᠴᠠᠭᠠᠨ ᠰᠠᠯᠭᠢ ᠊᠊᠊᠊᠊᠊᠊᠊᠊᠊᠊᠊᠊᠊᠊ ᠭᠦᠯ ᠪᠢᠯᠠ
ᠵᠠᠶᠠᠭᠠᠨ ᠤ
ᠰᠠᠢ᠌ᠨ ᠮᠠᠭᠤ ᠳᠠᠭᠠᠨ ᠣᠶᠠᠭᠳᠠᠯ ᠥᠭᠡᠢ
ᠵᠠᠪᠳᠠᠭᠤᠯᠵᠤ᠂ ᠵᠠᠪᠰᠢᠭᠤᠯᠵᠤ ᠶᠠᠪᠣᠳᠠᠭ
ᠵᠠᠩ᠂ ᠠᠷᠠᠠᠰᠢᠨ ᠊᠊᠊᠊᠊᠊᠊᠊᠊᠊᠊᠊᠊᠊᠊ ᠭᠦᠯ ᠪᠢᠯᠠ︕
ᠭᠦᠮᠤᠨ
ᠭᠦᠮᠤᠨ ᠪᠣᠯ ᠮᠤᠳᠤ ᠪᠢᠯᠠ
ᠦᠨᠳᠦᠰᠦ ᠨᠢ ᠭᠠᠵᠠᠷ ᠊᠊᠊᠊᠊᠊᠊᠊᠊᠊᠊᠊᠊᠊᠊ ᠰᠠᠭᠤᠷᠢᠯᠠᠵᠤ
ᠥᠵᠦᠭᠦᠷ ᠨᠢ ᠳᠡᠭ᠍ᠷᠢ ᠊᠊᠊᠊᠊᠊᠊᠊᠊᠊᠊᠊᠊᠊᠊ ᠰᠤᠮᠤᠳᠠᠵᠤ
ᠦᠷ᠎ᠡ ᠨᠢ ᠳᠡᠯᠡᠭᠡᠢ ᠊᠊᠊᠊᠊᠊᠊᠊᠊᠊᠊᠊᠊᠊᠊ ᠳᠦᠭᠡᠭᠡᠭ᠍ᠰᠡᠨ
ᠮᠤᠳᠤ ᠪᠢᠯᠠ
ᠭᠦᠮᠤᠨ ᠪᠣᠯ ᠭᠠᠯ ᠪᠢᠯᠠ
ᠲᠦᠯᠦ ᠨᠢ ᠳᠦᠷᠡᠯᠵᠡᠨ ᠊᠊᠊᠊᠊᠊᠊᠊᠊᠊᠊᠊᠊᠊᠊ ᠳᠡᠭ᠍ᠳᠡᠵᠤ
ᠰᠤᠷ ᠨᠢ ᠰᠦᠯᠳᠡᠷᠠᠨ ᠊᠊᠊᠊᠊᠊᠊᠊᠊᠊᠊᠊᠊᠊᠊ ᠮᠠᠠᠳᠤᠭᠰᠠᠨ
ᠭᠠᠯ ᠪᠢᠯᠠ
ᠭᠦᠮᠤᠨ ᠪᠣᠯ ᠣᠰᠤ ᠪᠢᠯᠠ
ᠣᠷᠤᠰᠬᠠᠯ ᠨᠢ ᠣᠭᠠᠯᠵᠠᠷᠠᠨ ᠊᠊᠊᠊᠊᠊᠊᠊᠊᠊᠊᠊᠊᠊᠊ ᠡᠷᠭᠢᠵᠤ
ᠣᠠᠳᠤᠷᠤᠭ᠎ᠠ ᠨᠢ ᠣᠷᠭᠢᠯᠤᠨ ᠊᠊᠊᠊᠊᠊᠊᠊᠊᠊᠊᠊᠊᠊᠊ ᠪᠣᠴᠠᠯᠵᠤ
ᠣᠬᠠᠭᠠᠨ ᠨᠢ ᠳᠦᠭᠦᠷᠡᠨ ᠊᠊᠊᠊᠊᠊᠊᠊᠊᠊᠊᠊᠊᠊᠊ ᠴᠠᠭᠢᠯᠵᠠᠭᠰᠠᠨ
ᠣᠰᠤ ᠪᠢᠯᠠ︕
(1995 ᠣᠨ ᠳᠤ ᠪᠢᠴᠢᠭ᠍ᠰᠡᠨ ᠨᠡᠢ᠌ᠳᠡᠯᠡᠭᠡᠳᠦᠢ ᠰᠢᠯᠦᠭ᠌ ᠤᠳ᠃ ᠦᠨᠦᠳᠤᠷ ᠭᠠᠷᠭᠠᠨ ᠠᠪᠴᠤ ᠣᠩᠰᠢᠬᠤ ᠳᠤ ᠪᠣᠯᠬᠤ ᠰᠢᠭ᠌᠃ ᠣᠪᠣᠭ᠎ᠠ ᠣᠩᠰᠢᠪᠣᠷᠢᠳᠠᠢ ᠰᠢᠭ᠌᠃ ᠢᠩᠭᠢᠭᠡᠳ ᠡ᠊ᠨᠳᠡ ᠨᠡᠢ᠌ᠳᠡᠯᠡᠭᠦᠯᠵᠤ ᠣᠯᠠᠨ᠎ᠠ ᠵᠤᠯᠭᠠᠭᠤᠯᠬᠤ ᠶᠢ ᠵᠤᠷᠢᠯ᠎ᠠ᠃ ᠳᠠ ᠪᠦᠭᠦᠨ ᠳᠠᠭᠠᠰᠢᠶᠠᠬᠤ ᠪᠣᠯᠳᠤᠭᠠᠢ︕)
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2659
ᠴᠠᠭ᠄ 2009 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ