ᠨᠡᠪᠲᠡᠷᠡᠨ ᠤᠷᠤᠬᠤ
ᠡᠢ᠌ᠮᠤ ᠨᠢᠭᠡᠨ ᠠᠢ᠌ᠯ

ᠬᠤᠳᠠ ᠶᠢᠨ ᠣᠷᠳᠤᠤᠬᠠᠨ ᠳᠦᠷᠢᠶᠠᠰᠤᠨ ᠭᠡᠷ ᠤᠳ ᠤᠨ

ᠵᠡᠭᠦᠨ ᠴᠢᠭᠢᠪᠴᠢ ᠶᠢᠨ ᠭᠡᠷ ᠳᠤ

ᠭᠦᠳᠡᠭᠡ  ᠭᠤᠪᠢ ᠶᠢᠨ ᠨᠢᠭᠡᠨ ᠪᠦᠰᠡᠭᠦᠢ

ᠭᠡᠦᠭᠡᠨ ᠳᠡᠭᠡᠨ ᠪᠢᠴᠢᠭ᠌ ᠥᠵᠡᠭᠦᠯᠵᠤ

ᠪᠣᠳᠠᠭ᠎ᠠ ᠴᠢᠨᠠᠭᠠᠤᠨ ᠵᠢᠯ ᠪᠣᠯᠬᠤ ᠳ᠋ᠤ

ᠭᠦᠪᠴᠢ ᠵᠢᠨ ᠣᠢ ᠶᠢᠨ ᠨᠢᠭᠡᠨ ᠡᠷ᠎ᠡ

ᠭᠦᠤ ᠪᠠᠨ ᠰᠤᠷᠭᠠᠭᠤᠯᠢ ᠰᠠᠭᠤᠯᠭᠠᠬᠤ ᠪᠠᠷ

ᠪᠠᠷᠠᠭᠤᠨ ᠴᠢᠭᠢᠪᠴᠢ ᠶᠢᠨ ᠭᠡᠷ ᠢ

                    ᠳᠦᠷᠢᠶᠠᠰᠤᠯᠠᠯ᠎ᠠ᠃     

ᠡᠳᠦᠷ ᠤᠨ ᠣᠳᠠᠭᠠᠨ ᠳ᠋ᠤ

ᠰᠠᠢ᠌ᠬᠠᠨ ᠠᠢ᠌ᠯ ᠠᠢ᠌ᠮᠠᠭ ᠪᠣᠯᠤᠯᠴᠠᠯ᠎ᠠ᠃

ᠠᠢ᠌ᠯ ᠤᠨ ᠪᠦᠰᠡᠭᠦᠢ

ᠭᠦᠳᠡᠭᠡ ᠭᠡᠷ ᠲᠡᠭᠡᠨ ᠬᠠᠷᠢᠬᠤ ᠳ᠋ᠠᠭᠠᠨ

ᠠᠢ᠌ᠮᠠᠭ ᠤᠨ ᠶᠢᠡᠨ ᠡᠷ᠎ᠡ ᠶᠢ᠌ ᠭᠤᠶᠤᠳᠠᠭ ᠪᠣᠯᠪᠠ᠃

ᠠᠢ᠌ᠮᠠᠭ ᠤᠨ ᠡᠷ᠎ᠡ

ᠠᠷᠤ ᠭᠡᠷ ᠲᠡᠭᠡᠨ ᠶᠠᠪᠣᠬᠤ ᠳ᠋ᠠᠭᠠᠨ

ᠠᠢ᠌ᠯ ᠤᠨ ᠪᠦᠰᠡᠭᠦᠢ ᠪᠠᠷ ᠳᠤᠰᠠᠯᠠᠭᠤᠯᠳᠠᠭ ᠪᠣᠯᠪᠠ᠃

ᠳᠡᠭᠡᠭᠡᠳ

ᠬᠡᠦᠬᠡᠳ ᠶᠢᠡᠨ

ᠦᠷᠯᠦᠭᠡ ᠳᠤ ᠨᠢ ᠨᠡᠢ᠌ᠯᠡᠭᠦᠯᠦᠭᠡᠳ ᠭᠦᠷᠭᠡᠳᠡᠭ᠌ ᠪᠣᠯᠪᠠ᠂

ᠦᠳᠡ ᠳᠤ ᠨᠢ ᠨᠡᠢ᠌ᠯᠡᠭᠦᠯᠦᠭᠡᠳ ᠪᠣᠳᠠᠭᠠᠯᠠᠳᠠᠭ ᠪᠣᠯᠪᠠ  ᠂

ᠣᠷᠤᠢ ᠳᠤ ᠨᠢ ᠨᠡᠢ᠌ᠯᠡᠭᠦᠯᠦᠭᠡᠳ ᠳᠤᠰᠳᠠᠭ ᠪᠣᠯᠪᠠ  ᠂

ᠦᠳᠡᠰᠢ ᠳᠤ ᠨᠢ ᠨᠡᠢ᠌ᠯᠡᠭᠦᠯᠦᠭᠡᠳ ᠳᠠᠪᠳᠠᠭᠤᠯᠳᠠᠭ ᠪᠣᠯᠪᠠ᠃

ᠳᠡᠭᠡᠷ᠎ᠡ ᠬᠤᠭᠤᠴᠠᠭ᠎ᠠ

ᠳᠤᠯᠭ᠎ᠠ ᠪᠠᠨ ᠨᠢᠭᠡ  ᠪᠤᠯᠭᠠᠭᠠᠳ ᠭᠡᠷᠡᠭᠯᠡᠭᠦ ᠪᠣᠯᠪᠠ᠂

ᠳᠦᠷᠢᠶᠠᠰᠤᠨ ᠭᠡᠷ ᠶᠢᠡᠨ ᠨᠢᠭᠡ ᠪᠣᠯᠭᠠᠭᠠᠤᠨ ᠳᠤᠰᠢᠶᠠᠬᠤ ᠪᠣᠯᠪᠠ  ᠃

ᠳᠤᠤᠷ᠎ᠠ  ᠤᠨ ᠬᠤᠭᠤᠴᠠᠭ᠎ᠠ

ᠬᠤᠶᠠᠷ ᠬᠡᠦᠬᠡᠳ ᠶᠢᠡᠨ ᠪᠠᠢ᠌ᠷᠢ ᠳᠤ ᠰᠠᠭᠤᠯᠭᠠᠭᠠᠤᠨ  

ᠬᠤᠶᠠᠭᠤᠯᠠ ᠪᠠᠨ ᠨᠡᠢ᠌ᠯᠡᠭᠡᠳ ᠰᠠᠭᠤᠬᠤ ᠪᠣᠯᠪᠠ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2646
ᠴᠠᠭ᠄ 2012 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ