ᠨᠡᠪᠲᠡᠷᠡᠨ ᠤᠷᠤᠬᠤ
ᠨᠤᠭᠤᠠᠵᠠᠶᠠᠭ᠎ᠠ

ᠨᠤᠭᠳᠤ ᠪᠠᠨ ᠴᠢᠷᠦᠭ᠍ᠰᠡᠨ ᠮᠤᠷᠢ ᠴᠢᠨᠢ ᠨᠤᠳᠤᠭ ᠲᠤ ᠪᠠᠨ ᠢᠷᠡᠭ᠍ᠰᠡᠨ ᠥᠭᠡᠢ

ᠯᠤᠤᠬ᠎ᠠ ᠶᠢᠨ ᠭᠤᠤᠯ ᠤᠨ ᠣᠰᠤ ᠰᠢᠷᠭᠢᠳᠠᠯ᠎ᠠ ᠴᠢ ᠢᠷᠡᠭ᠍ᠰᠡᠨ ᠥᠭᠡᠢ

ᠬᠠᠳᠠᠮ ᠳᠤ ᠮᠤᠷᠳᠠᠬᠤ ᠳᠤ ᠪᠠᠨ ᠣᠨᠠᠭᠠᠭᠰᠠᠨ ᠨᠢᠯᠪᠣᠰᠤ ᠴᠢᠨᠢ ᠬᠠᠳᠠᠭᠰᠠᠨ ᠥᠭᠡᠢ

ᠬᠠᠷᠢ ᠶᠢᠨ ᠨᠤᠳᠤᠭ ᠡᠴᠡ ᠳᠠᠭᠤᠯᠠᠭᠰᠠᠨ ᠳᠠᠭᠤᠤ ᠴᠢᠨᠢ ᠬᠠᠭᠤᠴᠢᠷᠠᠭᠰᠠᠨ ᠥᠭᠡᠢ

ᠠᠯᠢ ᠬᠤᠯᠠ ᠶᠢᠨ ᠭᠠᠵᠠᠷ ᠣᠭᠢᠯᠠᠵᠤ ᠰᠠᠭᠤᠨ᠎ᠠ ᠳ᠋ᠠ ᠨᠤᠭᠤᠠᠵᠠᠶᠠᠭ᠎ᠠ

ᠡᠨᠡᠷᠢᠯᠳᠤ ᠬᠤᠶᠠᠷ ᠪᠣᠭᠤᠷᠤᠯ ᠶᠢᠡᠨ ᠰᠠᠨᠠᠵᠤ ᠳᠠᠭᠤᠯᠠᠨ᠎ᠠ ᠳ᠋ᠠ ᠨᠤᠭᠤᠠᠵᠠᠶᠠᠭ᠎ᠠ

ᠳᠡᠩᠳᠡᠭᠦᠤ ᠬᠠᠢ᠌ᠷᠠᠬᠠᠨ ᠪᠦᠰᠡᠭᠦᠢ ᠶᠢᠨ ᠨᠢᠯᠪᠣᠰᠤ ᠨᠢ ᠬᠠᠮᠢᠭᠠᠰᠢ ᠪᠠᠨ ᠣᠷᠤᠰᠤᠨ᠎ᠠ ᠳ᠋ᠠ

ᠳᠠᠰᠤᠷᠠᠵᠤ ᠣᠨᠠᠭᠰᠠᠨ ᠡᠩᠭᠡᠷ ᠤᠨ ᠳᠤᠪᠴᠢ ᠰᠢᠭ ᠨᠤᠭᠤᠠᠵᠠᠶᠠᠭ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ