☆ ᠷᠤᠯᠮᠠᠵᠠᠪ
ᠮᠦᠷᠦᠭᠡᠳᠦᠯ ᠤᠨ ᠨᠠᠮᠤᠷ
ᠨᠠᠮᠤᠷ ᠶᠠᠭᠤᠨ ᠳᠤ ᠪᠣᠯᠪᠠ ᠭᠡᠵᠤ
ᠭᠡᠨ ᠨᠠᠳᠠ ᠡᠴᠡ ᠠᠰᠠᠭᠤᠬᠤ ᠪᠣᠢ
ᠨᠤᠳᠤᠭ ᠶᠢᠡᠨ ᠶᠠᠭᠠᠭᠢᠭᠠᠤᠨ ᠰᠠᠨᠠᠯ᠎ᠠ ᠭᠡᠵᠤ
ᠪᠢ ᠭᠡᠨ ᠳᠤ ᠬᠠᠷᠢᠭᠤᠯᠬᠤ ᠪᠣᠢ
ᠰᠡᠮᠡᠷᠡᠭᠦ ᠠᠯᠤᠰ ᠢ ᠰᠢᠷᠳᠡᠭᠡᠳ
ᠰᠠᠪ ᠰᠡᠮᠭᠡᠨ ᠳᠤᠷᠠᠰᠤᠯᠳᠠᠢ
ᠰᠡᠳᠭᠢᠯ ᠣᠶᠠᠷᠠᠯ ᠶᠢᠡᠷ ᠳᠦᠭᠦᠷᠡᠭᠡᠳ
ᠭᠠᠩᠰᠠᠷᠠᠯ ᠵᠥᠭ᠌ ᠳᠠᠮᠠᠤᠯᠠᠯᠳᠠᠢ᠂
ᠰᠥ᠋ ᠦᠣᠡᠭᠡᠷᠡᠭᠦ ᠨᠠᠮᠤᠷ
ᠰᠥᠰᠦᠭ᠌ ᠪᠣᠰᠬᠤ ᠨᠢ ᠶᠠᠭᠤ ᠶᠤᠮ ᠪᠣᠢ
ᠰᠦᠵᠢ ᠶᠢᠨ ᠣᠰᠤ ᠪᠠᠨ ᠰᠠᠨᠠᠬᠤ ᠨᠢ
ᠰᠡᠳᠭᠢᠯ ᠤᠨ ᠴᠠᠩᠭ᠋ᠠᠭ᠎ᠠ ᠳᠠᠷᠠ ᠪᠢᠯᠢᠤ
ᠨᠤᠳᠤᠭ ᠪᠣᠴᠠᠬᠤ ᠰᠠᠨᠠᠭ᠎ᠠ
ᠨᠢᠭᠡᠨ ᠦᠶ᠎ᠡ ᠭᠦᠪᠦᠷᠡᠨᠡ
ᠨᠤᠭᠤᠨ ᠵᠠᠶᠠᠭᠠᠳᠤ ᠮᠢᠨᠤ
ᠵᠢᠷᠦᠭᠡᠨ ᠤ ᠬᠤᠯᠪᠣᠭ᠎ᠠ ᠳᠠᠷᠠ ᠪᠢᠯᠢᠤ
ᠰᠢᠵᠢᠷ ᠠᠯᠳᠠᠨ ᠨᠠᠮᠤᠷ ᠢ ᠪᠢ
ᠰᠢᠳᠤᠨ ᠳᠠᠭᠠᠳᠬᠠᠨ ᠳᠤᠭᠤᠯᠤᠶᠠ
ᠰᠡᠭᠦᠷᠡᠰᠤ ᠰᠢᠭ ᠴᠠᠭ ᠢ ᠪᠢ
ᠰᠢᠮᠠᠨ ᠠᠮᠳᠠᠯᠠᠨ ᠮᠠᠳᠠᠷᠠᠶᠠ
ᠰᠡᠷᠢᠭᠦᠤ ᠳᠠᠳᠠᠬᠤ ᠨᠠᠮᠤᠷ ᠡ
ᠰᠡᠯᠡᠭᠦᠨ ᠮᠦᠷᠦᠭᠡᠳᠦᠯ ᠤᠨ ᠨᠠᠮᠤᠷ ᠡ
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ
ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 11 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ