ᠨᠡᠪᠲᠡᠷᠡᠨ ᠤᠷᠤᠬᠤ
《ᠬᠤᠳᠤᠭᠤᠳᠤ ᠨᠢ ᠬᠤᠤᠷ ᠶᠢᠠᠷ ᠳᠦᠭᠦᠷᠴᠦ᠂ ᠭᠡᠳᠡᠰᠦ ᠨᠢ ᠭᠡᠮ ᠶᠢᠡᠷ ᠳᠦᠭᠦᠷᠴᠦ》ᠭᠡᠬᠦ ᠦᠭᠡ ᠡᠴᠡ ᠤᠴᠢᠷᠯᠠᠬᠤ ᠨᠢ

《ᠬᠤᠳᠤᠭᠠᠳᠤ ᠨᠢ ᠬᠤᠤᠷ ᠶᠢᠡᠷ ᠳᠦᠭᠦᠷᠴᠤ᠂ ᠭᠡᠳᠡᠰᠤ ᠨᠢ ᠭᠡᠮ ᠶᠢᠡᠷ ᠳᠦᠭᠦᠷᠴᠤ》 ᠭᠡᠭᠦ ᠥᠭᠡ ᠨᠢ 《ᠠᠮᠠᠨ ᠳᠠᠭᠠᠨ ᠪᠠᠯ ᠲᠡᠶ ᠠᠶᠤᠤᠯᠢᠬᠠᠢ ᠳᠠᠭᠠᠨ ᠵᠢᠳᠠ ᠲᠡᠶ》 ᠢᠯᠠ ᠪᠣᠶᠤ ᠳᠠᠯᠳᠠ ᠪᠠᠷ ᠭᠦᠮᠤᠨ ᠢ ᠬᠤᠤᠷᠯᠠᠳᠠᠭ ᠭᠦᠮᠤᠨ ᠢ ᠰᠢᠭᠤᠳ ᠬᠤᠱᠤᠩᠨᠠᠭᠰᠠᠨ ᠭᠡᠯᠡᠯᠭᠡ ᠪᠣᠯᠠᠢ᠃ ᠡᠨᠡ ᠭᠡᠯᠡᠯᠭᠡ ᠶᠢᠨ ᠣᠤᠠᠬ᠎ᠠ ᠶᠢ ᠣᠳᠤᠭᠢ ᠣᠷᠴᠢᠨ ᠠᠬᠤᠢ ᠪᠠᠢ᠌ᠳᠠᠯ ᠲᠡᠶ ᠣᠶᠠᠯᠳᠤᠭᠤᠯᠤᠨ ᠦᠵᠡᠪᠠᠯ ᠭᠡᠢ᠌ᠰᠪᠦᠷᠢ ᠣᠤᠠᠬ᠎ᠠ ᠪᠢᠰᠢ ᠬᠠᠷᠢᠨ ᠢᠯᠠ ᠣᠤᠠᠬ᠎ᠠ ᠪᠣᠯᠴᠢᠬᠠᠯ᠎ᠠ᠃ 《ᠬᠤᠤᠷ᠎ᠠ ᠡᠴᠠ ᠪᠣᠰᠤᠳ ᠶᠢᠡᠷ ᠬᠤᠭᠤᠯᠠ ᠭᠢᠵᠤ᠂ ᠬᠤᠯᠳᠤᠰᠤ ᠡᠴᠠ ᠪᠣᠰᠤᠳ ᠶᠢᠡᠷ ᠡᠳ᠋ ᠭᠢᠭᠦ 》 ᠭᠡᠯᠡᠯᠭᠡ ᠨᠢ ᠣᠳᠤ ᠶᠠᠭ ᠣᠷᠪᠠᠭᠤ ᠬᠠᠷᠢᠴᠠᠭᠠᠳᠤ ᠪᠣᠯᠵᠤ᠂ ᠬᠤᠤᠷ᠎ᠠ ᠪᠠᠷ ᠬᠤᠭᠤᠯᠠ ᠭᠢᠵᠤ᠂ ᠬᠤᠯᠳᠤᠰᠤ ᠪᠠᠷ ᠬᠤᠪᠴᠠᠰᠤ ᠭᠢᠭᠦ ᠴᠦᠪ ᠤᠨ ᠴᠠᠭ ᠪᠣᠯᠵᠤ ᠪᠣᠢ ᠰᠢᠤ︕ ᠬᠤᠤᠷ᠎ᠠ ᠭᠠᠵᠠᠷ ᠪᠣᠯᠭᠠᠨ ᠥᠡᠴᠦᠭ᠌ ᠪᠣᠯᠭᠠᠨ ᠢ ᠥᠯᠡᠳᠡᠭᠡᠯ ᠦᠭᠡᠶ ᠨᠠᠪᠴᠢᠨ ᠣᠷᠤᠵᠤ᠂ ᠶᠡᠭᠡ ᠭᠦᠮᠤᠨ᠂ ᠪᠠᠭ᠎ᠠ ᠭᠦᠮᠤᠨ ᠢ ᠥᠯᠡᠳᠡᠭᠡᠯ ᠦᠭᠡᠶ ᠬᠤᠤᠷᠠᠳᠠᠭᠤᠯᠵᠤ ᠪᠠᠢ᠌ᠭ᠎ᠠ ᠨᠢ ᠡᠨᠡ ᠨᠡᠢ᠌ᠭᠡᠮ ᠤᠨ ᠳᠦᠭᠡᠮᠡᠯ ᠠᠰᠠᠭᠤᠳᠠᠯ ᠪᠣᠯᠵᠤ ᠪᠠᠢ᠌ᠨ᠎ᠠ᠃ ᠮᠠᠨ ᠤ ᠣᠤᠭᠤᠵᠤ ᠪᠠᠢ᠌ᠭ᠎ᠠ ᠣᠰᠤ ᠪᠣᠭᠢᠷᠳᠤᠯ ᠲᠡᠶ᠂ ᠮᠠᠨ ᠤ ᠣᠤᠭᠤᠵᠤ ᠪᠠᠢ᠌ᠭ᠎ᠠ ᠣᠮᠳᠠᠭᠠᠨ ᠤ ᠬᠤᠤᠷᠠᠳᠤ ᠪᠣᠳᠠᠰ ᠨᠢ ᠪᠠᠷᠢᠮᠵᠢᠶ᠎ᠠ ᠡᠴᠠ ᠭᠡᠳᠦᠷᠴᠤ ᠪᠠᠢ᠌ᠭ᠎ᠠ ᠪᠣᠢ᠂ ᠮᠠᠨ ᠤ ᠢᠳᠠᠵᠤ ᠪᠠᠢ᠌ᠭ᠎ᠠ ᠭᠤᠧᠨ ᠵᠢᠮᠢᠰᠤᠨ ᠳᠤ ᠬᠤᠷᠮᠤᠨ᠂ ᠭᠢᠮᠢ᠂ ᠬᠤᠤᠷᠠᠳᠤ ᠭᠢᠮᠢ ᠶᠢᠨ ᠪᠦᠳᠦᠭᠡᠭ᠍ᠳᠡᠭᠦᠨ ᠪᠠ ᠦᠯᠦ ᠢᠯᠵᠡᠷᠡᠭᠦᠯᠦᠭ᠍ᠴᠢ ᠪᠣᠳᠠᠰ ᠲᠡᠶ ᠪᠠᠢ᠌ᠳᠠᠭ᠃ ᠮᠠᠨ ᠤ ᠢᠳᠠᠵᠤ ᠪᠠᠢ᠌ᠭ᠎ᠠ ᠨᠤᠭᠤᠭ᠎ᠠ ᠴᠠᠭ᠎ᠠ ᠨᠢ ᠳᠠᠷᠢᠶᠠᠯᠠᠩ ᠤᠨ ᠡᠮ ᠤᠨ ᠥᠯᠡᠳᠡᠭ᠍ᠳᠡᠯ ᠤᠨ ᠭᠡᠮᠵᠢᠶ᠎ᠡ ᠨᠢ ᠪᠠᠷᠢᠮᠵᠢᠶ᠎ᠠ ᠡᠴᠠ ᠪᠠᠨ ᠭᠡᠳᠦᠷᠦᠭ᠍ᠰᠡᠨ᠂ ᠬᠤᠷᠮᠤᠨ ᠶᠢᠡᠷ ᠪᠣᠢ᠌ᠵᠢᠭᠤᠯᠬᠤ᠂ ᠭᠢᠮᠢ ᠶᠢᠨ ᠡᠮ ᠶᠢᠡᠷ ᠳᠦᠷᠭᠡᠳᠭᠡᠭᠦ ᠵᠢᠴᠢ ᠪᠣᠰᠤᠳ ᠬᠤᠤᠷᠠᠳᠤ ᠪᠣᠳᠠᠰ ᠶᠢᠡᠷ ᠪᠣᠯᠪᠠᠰᠤᠷᠠᠭᠤᠯᠵᠤ ᠪᠣᠢ᠃ ᠮᠠᠨ ᠤ ᠢᠳᠠᠵᠤ ᠪᠠᠢ᠌ᠭ᠎ᠠ ᠠᠮᠤ ᠪᠣᠳᠠᠭ᠎ᠠ ᠶᠢᠨ ᠳᠤᠳᠤᠷ᠎ᠠ ᠴᠠᠭᠠᠷᠠᠭᠤᠯᠬᠤ ᠡᠮ᠂ ᠭᠦᠭᠡᠯᠭᠡᠭᠦ ᠡᠮ᠂ ᠭᠢᠯᠠᠢ᠌ᠯᠭᠠᠬᠤ ᠡᠮ᠂ ᠭᠢᠮᠢ᠂ ᠬᠤᠷᠮᠤᠨ ᠵᠡᠷᠭᠡ ᠪᠣᠳᠠᠰ ᠠᠬᠤᠯᠤᠭᠳᠠᠵᠤ ᠪᠠᠢ᠌ᠳᠠᠭ᠃ ᠮᠠᠨ ᠤ ᠣᠤᠭᠤᠵᠤ ᠪᠠᠢ᠌ᠭ᠎ᠠ ᠠᠷᠢᠭᠢᠨ ᠳᠤ ᠰᠫᠢᠷᠲ᠋ ᠶᠡᠭᠡ ᠭᠡᠮᠵᠢᠶ᠎ᠡ ᠪᠠᠷ ᠠᠬᠤᠯᠤᠭᠳᠠᠵᠤ ᠪᠣᠢ᠃ ᠣᠳᠤ ᠣᠳᠤᠭ᠎ᠠ ᠭᠠᠷᠳᠠᠭ ᠠᠷᠢᠭᠢᠨ ᠣᠢ᠌ᠯᠠᠤᠠᠪᠣᠷᠢ ᠦᠭᠡᠶ ᠪᠣᠯᠵᠠᠢ᠃ ᠮᠠᠨ ᠤ ᠢᠳᠠᠵᠤ ᠪᠠᠢ᠌ᠭ᠎ᠠ ᠮᠢᠬᠠᠨ ᠳᠤᠳᠤᠷ᠎ᠠ ᠳᠦᠷᠭᠡᠳᠭᠡᠭᠦ ᠪᠣᠳᠠᠰ ᠪᠣᠯᠤᠨ ᠡᠯ᠎ᠡ ᠵᠣᠢ᠌ᠯ ᠤᠨ ᠭᠢᠮᠢ ᠶᠢᠨ ᠡᠯᠧᠮᠧᠨ᠋ᠲ ᠠᠬᠤᠯᠤᠭᠳᠠᠵᠤ ᠪᠣᠢ᠃ ᠣᠳᠤᠭᠢ ᠭᠦᠮᠤᠨ ᠤ ᠠᠮᠢᠳᠤᠷᠠᠯ ᠰᠠᠢ᠌ᠵᠢᠷᠠᠭᠰᠠᠨ ᠲᠡᠶ᠂ ᠬᠤᠭᠤᠯᠠᠨ ᠭᠡᠷ ᠲᠤ ᠪᠠᠭᠤᠬᠤ ᠭᠦᠮᠤᠨ ᠣᠯᠠᠰᠢᠷᠠᠵᠤ ᠪᠣᠢ᠂ ᠰᠢᠷᠠᠭᠰᠠᠨ ᠮᠢᠬ᠎ᠠ ᠢᠳᠡᠭᠦ ᠭᠦᠮᠤᠨ ᠣᠯᠠᠰᠢᠷᠠᠵᠠᠢ᠃ ᠣᠠᠴᠠᠭᠠᠢ᠌ᠯᠠᠨ ᠭᠡᠦᠭᠡᠤᠨ ᠰᠤᠯᠠ ᠢᠳᠡᠭᠡᠨ᠂ ᠪᠣᠯᠠᠵᠤ ᠰᠢᠷᠠᠭᠰᠠᠨ ᠢᠳᠡᠭᠡᠨ ᠢᠳᠡᠭᠦ ᠳᠤᠷᠠᠳᠠᠢ᠃ ᠡᠳᠡᠭᠡᠷ ᠪᠦᠭᠦᠨ ᠨᠢ ᠭᠦᠮᠤᠨ ᠤ ᠪᠠᠶ᠎ᠠ ᠳᠤ ᠳᠣᠢ᠌ᠯ ᠤᠨ ᠬᠤᠤᠷᠳᠠᠢ ᠪᠠᠢ᠌ᠳᠠᠭ ᠶᠤᠮ᠃ ᠡᠭᠦᠨ ᠡᠴᠠ ᠪᠣᠰᠤᠳ ᠭᠧᠨ ᠤ ᠵᠣᠢ᠌ᠯ ᠢ ᠰᠢᠯᠵᠢᠭᠦᠯᠭᠦ ᠪᠣᠳᠠᠰ ᠠᠭᠤᠯᠤᠭᠳᠠᠵᠤ ᠪᠠᠢ᠌ᠳᠠᠭ᠃ ᠡᠳᠡᠭᠡᠷ ᠪᠦᠭᠦᠨ ᠨᠢ ᠭᠦᠮᠤᠨ ᠤ ᠬᠤᠳᠤᠭᠤᠳᠤ ᠶᠢ ᠬᠤᠤᠷ ᠶᠢᠡᠷ ᠳᠦᠭᠦᠷᠭᠡᠵᠤ᠂ ᠭᠡᠳᠡᠰᠤ ᠶᠢ ᠨᠢ ᠭᠡᠮ ᠶᠢᠡᠷ ᠳᠦᠭᠦᠷᠭᠡᠵᠤ᠂ ᠠᠶᠤᠤᠯᠢᠬᠠᠢ ᠶᠢ ᠨᠢ ᠠᠶᠤᠯ ᠶᠢᠡᠷ ᠳᠦᠭᠦᠷᠭᠡᠵᠤ᠂ ᠠᠭᠤᠰᠭᠢ ᠶᠢ ᠨᠢ ᠣᠳᠤᠭ᠎ᠠ ᠪᠠᠷ ᠳᠦᠭᠦᠷᠭᠡᠵᠤ᠂ ᠭᠦᠮᠤᠨ ᠢ ᠨᠢ ᠶᠤᠰᠤᠳᠠᠢ 《ᠬᠤᠤᠷᠳᠤ ᠭᠦᠮᠤᠨ》 ᠪᠣᠯᠭᠠᠵᠤ ᠪᠣᠢ᠂ ᠬᠠᠪᠳᠠᠭᠠᠢ᠌ᠷᠠᠭᠰᠠᠨ ᠭᠦᠮᠤᠨ ᠪᠣᠯᠭᠠᠵᠤ ᠪᠣᠢ᠃ ᠬᠤᠤᠷᠠᠳᠤ ᠢᠳᠡᠭᠡᠨ ᠣᠮᠳᠠᠭᠠᠨ ᠢᠳᠡᠭ᠍ᠰᠡᠨ ᠤ ᠬᠠᠷᠢᠭᠤ ᠳᠤ᠂ ᠣᠳᠤᠭᠢ ᠭᠦᠮᠦᠰ ᠤᠨ ᠳᠤᠳᠤᠷ᠎ᠠ ᠡᠯ᠎ᠡ ᠵᠣᠢ᠌ᠯ ᠤᠨ ᠡᠪᠠᠦᠡᠴᠢᠨ ᠳᠠᠬᠤᠯ ᠣᠯᠠᠰᠢᠷᠠᠵᠤ᠂ ᠬᠠᠴᠢᠨ ᠰᠤᠨᠢᠨ ᠥᠵᠡᠭ᠍ᠳᠡᠯ ᠢᠯᠠᠷᠠᠨ ᠭᠠᠷᠴᠤ ᠪᠣᠢ᠄ ᠦᠮᠠᠨ ᠡᠪᠠᠦᠡᠴᠢᠨ ᠣᠯᠠᠰᠢᠷᠠᠵᠠᠢ᠂ (ᠢ᠌ᠷᠦᠭᠡ᠂ ᠴᠢᠰᠤ᠂ ᠡᠯᠢᠭᠡ᠂ ᠪᠦᠭᠡᠷ᠎ᠡ᠂ ᠭᠡᠳᠡᠰᠤ ᠁ ᠶᠢᠨ ᠡᠪᠠᠦᠡᠴᠢᠳᠡᠨ) ᠰᠠᠤᠠᠭᠢᠴᠠ ᠨᠢ ᠡᠳᠦᠷ ᠪᠦᠷᠢ ᠡᠩ ᠤᠨ ᠪᠢᠰᠢ ᠭᠦᠮᠤᠨ ᠣᠯᠠᠰᠢᠷᠠᠵᠠᠢ᠃ ᠪᠠᠯᠭᠡ ᠶᠢᠨ ᠡᠪᠠᠦᠡᠴᠢᠳᠡᠨ ᠣᠯᠠᠰᠢᠷᠠᠵᠠᠢ᠂ ᠵᠢᠷᠮᠤᠰᠤᠨ ᠪᠣᠯᠵᠤ ᠳᠡᠢ᠌ᠯᠭᠦ ᠦᠭᠡᠶ ᠭᠦᠮᠤᠨ ᠣᠯᠠᠰᠢᠷᠠᠵᠠᠢ᠃ ᠡᠷᠡᠭ᠍ᠳᠡᠢ ᠭᠦᠮᠤᠨ ᠨᠢ ᠡᠮᠡᠭ᠍ᠳᠡᠢ ᠭᠦᠮᠤᠨ ᠳᠠᠰᠢ ᠭᠦᠭ᠍ᠵᠢᠵᠤ ᠪᠠᠢ᠌ᠬᠤ ᠥᠵᠡᠭ᠍ᠳᠡᠯ ᠢᠯᠠᠷᠠᠵᠤ ᠪᠣᠢ᠃ ᠪᠠᠰᠠ ᠨᠢᠭᠡ ᠬᠠᠴᠢᠨ ᠥᠵᠡᠭ᠍ᠳᠡᠯ ᠨᠢ ᠣᠳᠤᠭᠢ ᠭᠦᠮᠤᠨ ᠤ ᠭᠡᠳᠡᠰᠤᠨ ᠳᠤᠳᠤᠷ᠎ᠠ ᠨᠢ ᠬᠤᠷᠤᠬᠠᠢ ᠦᠭᠡᠶ ᠪᠣᠯᠵᠤ ᠪᠣᠢ᠃ ᠣᠴᠢᠷ ᠨᠢ ᠬᠤᠤᠷᠳᠤ ᠪᠣᠳᠠᠰ ᠭᠦᠮᠤᠨ ᠤ ᠭᠡᠳᠡᠰᠤ ᠪᠠᠷ ᠳᠦᠭᠦᠷᠴᠤ᠂ ᠵᠤᠭᠢᠬᠤ ᠪᠠᠢ᠌ᠷᠢ ᠲᠡᠶ ᠪᠠᠢ᠌ᠭᠰᠠᠨ ᠬᠤᠷᠤᠬᠠᠢ ᠶᠢ ᠦᠯᠳᠡᠨ ᠶᠠᠪᠣᠭᠤᠯᠵᠠᠢ᠃ ᠦᠯᠳᠡᠨ ᠶᠠᠪᠣᠭᠤᠯᠤᠭᠰᠠᠨ ᠤ ᠬᠠᠷᠢᠭᠤ ᠳᠤ᠂ ᠮᠠᠷᠢᠶ᠎ᠠ ᠮᠢᠬ᠎ᠠ ᠲᠡᠶ ᠭᠦᠮᠤᠨ ᠳᠠᠷᠭᠤᠨ ᠭᠦᠮᠤᠨ ᠣᠯᠠᠰᠢᠷᠠᠵᠠᠢ᠃ ᠮᠠᠨ ᠢ ᠪᠠᠭ᠎ᠠ ᠳᠤ ᠮᠤᠩᠭ᠋ᠤᠯ ᠡᠮᠴᠢ ᠨᠡᠷ ᠬᠤᠷᠤᠬᠠᠢ ᠭᠦᠭᠡᠭᠡᠭᠦ ᠡᠮ ᠣᠤᠭᠤᠯᠭᠠᠳᠠᠭ᠃ ᠳᠠᠷᠠ ᠦᠶ᠎ᠡ ᠳᠤ ᠭᠡᠳᠡᠰᠤᠨ ᠬᠤᠷᠤᠬᠠᠢ ᠶᠢ ᠲᠤᠩ ᠬᠤᠤᠷᠳᠠᠢ ᠭᠡᠵᠤ ᠪᠣᠳᠤᠵᠤ ᠪᠠᠢ᠌ᠵᠠᠢ᠃ ᠣᠳᠤ ᠪᠣᠳᠤᠵᠤ ᠦᠵᠡᠪᠠᠯ ᠵᠦᠢ ᠶᠤᠰᠤᠳᠠᠢ ᠵᠠᠰᠠᠯᠠᠭ᠎ᠠ ᠪᠣᠯᠠᠢ᠃ ᠭᠡᠳᠡᠰᠤᠨ ᠤ ᠰᠢᠨ᠎ᠡ ᠬᠠᠭᠤᠴᠢᠨ ᠤ ᠰᠤᠯᠢᠯᠴᠠᠭ᠎ᠠ ᠶᠤᠮ᠃ ᠵᠠᠷᠢᠮ ᠡᠷᠳᠡᠮᠳᠡᠳ ᠢᠳᠡᠭᠡᠨ ᠤ ᠠᠮᠤᠷ ᠲᠦᠪᠰᠢᠨ ᠤ ᠳᠠᠯ᠎ᠠ ᠳᠤ ᠳᠤᠮᠳᠠᠳᠤ ᠣᠯᠤᠰ ᠤ ᠭᠦᠮᠤᠨ ᠢ ᠳᠦᠷᠪᠡᠨ ᠳᠠᠰ ᠬᠤᠪᠢᠶᠠᠵᠤ ᠪᠠᠢ᠌ᠨ᠎ᠠ᠄ ᠨᠢᠭᠡᠳᠦᠭᠡᠷ ᠳᠠᠰ ᠨᠢ ᠣᠠᠴᠠ ᠡᠷᠭᠡᠳᠡᠨ᠃ ᠡᠳᠡᠭᠡᠷ ᠡᠷᠭᠡ ᠰᠦᠷᠳᠠᠨ ᠳᠤ ᠣᠠᠴᠠ ᠬᠠᠩᠭ᠋ᠠᠯᠳᠠ ᠲᠡᠶ ᠢᠳᠡᠭᠡᠨ ᠣᠮᠳᠠᠭᠠᠨ ᠢ ᠬᠠᠩᠭ᠋ᠠᠨ᠎ᠠ᠂ ᠭᠦᠷᠭᠡᠭ᠍ᠰᠡᠨ ᠢᠳᠡᠭᠡᠨ ᠣᠮᠳᠠᠭᠠᠨ ᠨᠢ ᠠᠮᠤᠷ ᠲᠦᠪᠰᠢᠨ᠃ ᠬᠤᠶᠠᠳᠤᠭᠠᠷ ᠳᠠᠰ ᠨᠢ᠂ ᠪᠠᠶᠠᠴᠤᠳ᠃ ᠢᠳᠡᠭᠡᠨ ᠣᠮᠳᠠᠭᠠᠨ ᠶᠢᠡᠨ ᠬᠤᠪᠢ ᠪᠠᠷ ᠶᠢᠡᠨ ᠬᠠᠩᠭ᠋ᠠᠨ᠎ᠠ᠂ ᠣᠴᠢᠷ ᠨᠢ ᠳᠠᠳᠠᠨ ᠳᠤ ᠬᠤᠪᠢ ᠶᠢᠨ ᠳᠠᠷᠢᠶᠠᠯᠠᠩ ᠤᠨ ᠳᠠᠯᠠᠪᠠᠢ᠂ ᠭᠦᠯᠦᠰᠤᠨ ᠳᠠᠷᠢᠶᠠᠴᠢᠨ ᠲᠡᠶ ᠡᠢ᠌ᠮᠤ ᠡᠴᠠ ᠳᠠᠳᠠ ᠪᠠᠢ᠌ᠭᠠᠯᠢᠭ ᠠᠮᠤ ᠪᠣᠳᠠᠭ᠎ᠠ ᠢᠳᠠᠵᠤ᠂ ᠪᠣᠭᠢᠷᠳᠤᠯ ᠦᠭᠡᠶ ᠣᠰᠤ ᠣᠤᠭᠤᠳᠠᠭ᠃ ᠭᠤᠷᠪᠠᠳᠤᠭᠠᠷ ᠳᠠᠰ ᠨᠢ ᠳᠠᠷᠢᠶᠠᠴᠢᠳ᠃ ᠦᠪᠡᠷ ᠤᠨ ᠳᠠᠷᠢᠭᠰᠠᠨ ᠠᠮᠤ ᠪᠣᠳᠠᠭ᠎ᠠ᠂ ᠨᠤᠭᠤᠭ᠎ᠠ ᠴᠠᠭ᠎ᠠ ᠪᠠᠨ ᠢᠳᠠᠨ᠎ᠡ᠂ ᠣᠰᠤ ᠨᠢ ᠪᠣᠭᠢᠷᠳᠤᠯ ᠲᠡᠶ᠃ ᠳᠦᠷᠪᠠᠳᠦᠭᠡᠷ ᠳᠠᠰ ᠨᠢ ᠬᠤᠳᠠ ᠪᠠᠯᠭᠠᠰᠤᠨ ᠤ ᠰᠠᠭᠤᠭᠠᠯᠢ ᠠᠷᠠᠤᠨ᠃ ᠡᠳᠡᠭᠡᠷ ᠭᠦᠮᠦᠰ ᠪᠣᠳᠠᠭ᠎ᠠ ᠨᠤᠭᠤᠭ᠎ᠠ ᠪᠠᠨ ᠵᠡᠭᠡᠯᠢ ᠶᠢᠨ ᠵᠠᠬ᠎ᠠ ᠳᠡᠯᠭᠡᠭᠦᠷ ᠬᠤᠳᠠᠯᠳᠤᠭ᠎ᠠ ᠮᠠᠢ᠌ᠮᠠᠢ ᠡᠴᠠ ᠬᠤᠳᠠᠯᠳᠤᠨ ᠠᠪᠳᠠᠭ ᠣᠴᠢᠷ ᠡᠴᠠ ᠬᠤᠤᠷ᠎ᠠ ᠲᠡᠶ᠂ ᠪᠣᠭᠢᠷᠳᠤᠯ ᠲᠡᠶ ᠢᠳᠡᠭᠡᠨ ᠢᠳᠠᠵᠤ᠂ ᠣᠮᠳᠠᠭᠠᠨ ᠣᠤᠭᠤᠭᠠᠤᠨ ᠠᠮᠢᠳᠤᠷᠠᠯ ᠶᠢᠡᠨ ᠠᠷᠭᠠᠴᠠᠭᠠᠨ᠎ᠠ᠃ ᠡᠨᠡ ᠦᠵᠡᠯᠳᠠ ᠲᠦᠮᠡᠠᠳᠠ ᠵᠦᠪ ᠡ︕

ᠳᠡᠭᠡᠷᠡᠭᠢ ᠠᠰᠠᠭᠤᠳᠠᠯ ᠨᠢ ᠠᠷᠠᠤᠨ ᠲᠦᠮᠡᠨ ᠤ ᠪᠠᠶ᠎ᠠ ᠮᠠᠬᠠᠪᠣᠤᠨ ᠤᠨ ᠴᠢᠨᠠᠷ ᠴᠢᠠᠰᠠᠭ᠎ᠠ᠂ ᠣᠶᠤᠨ ᠰᠠᠨᠠᠭᠠᠨ ᠤ ᠭᠢᠨᠢ ᠰᠠᠷᠠᠭᠤᠯ ᠳᠤᠩᠭ᠋ᠠᠯᠠᠭ᠂ ᠬᠣᠢ᠌ᠴᠢᠰ ᠤᠨ ᠭᠢᠨᠢ ᠦᠰᠦᠨ ᠪᠣᠢ᠌ᠵᠢᠯᠳᠠ ᠲᠡᠶ ᠬᠤᠯᠪᠣᠭᠳᠠᠬᠤ ᠶᠡᠭᠡ ᠣᠴᠢᠷ ᠶᠤᠮ᠃ ᠣᠯᠤᠰ ᠦᠨᠳᠦᠰᠦᠳᠠᠨ ᠤ ᠮᠠᠠᠳᠤᠯ ᠪᠠᠭᠤᠷᠠᠯ ᠲᠡᠶ ᠬᠤᠯᠪᠣᠭᠳᠠᠬᠤ ᠶᠡᠭᠡ ᠶᠠᠪᠣᠳᠠᠯ ᠶᠤᠮ᠃ ᠳᠦᠷᠪᠡᠨ ᠳᠠᠰ ᠤᠨ ᠭᠦᠮᠦᠰ ᠨᠢᠭᠡ ᠡᠷᠴᠢᠮ ᠪᠣᠯᠵᠤ ᠨᠢᠭᠳᠠᠷᠠᠨ ᠳᠡᠮᠡᠴᠡᠭᠦ ᠳᠤ ᠭᠦᠷᠪᠠᠯ 《ᠬᠤᠳᠤᠭᠠᠳᠤ ᠳᠤ ᠨᠢ ᠬᠤᠤᠷ᠎ᠠ ᠦᠭᠡᠶ᠂ ᠭᠡᠳᠡᠰᠤᠨ ᠳ᠋ᠤᠨᠢ ᠭᠡᠮ ᠦᠭᠡᠶ》 ᠭᠦᠮᠤᠨ ᠣᠯᠠᠰᠢᠷᠠᠵᠤ᠂ ᠦᠶ᠎ᠡ ᠦᠶ᠎ᠡ ᠶᠢᠨ ᠭᠦᠮᠦᠰ ᠮᠠᠠᠳᠤᠮᠤᠢ︕

2010 ᠣᠨ ᠤ 5 ᠰᠠᠷ᠎ᠠ11 ᠳ᠋ᠤ ᠳᠠᠴᠢᠠᠳᠠᠯ᠎ᠠ ᠪᠠᠯᠭᠠᠰᠤᠨ᠎ᠠ

ᠵᠤᠬᠢᠶᠠᠭᠴᠢ ᠶᠢᠨ ᠬᠠᠶ‍ᠢᠭ ᠄ ᠨᠢ᠋ᠮᠠᠨ ᠤ ᠳᠠᠪᠣᠳᠤᠭᠠᠷ ᠳᠤᠮᠳᠠᠳᠤ ᠰᠤᠷᠭᠠᠭᠤᠯᠢ


ᠵᠤᠬᠢᠶᠠᠭᠴᠢ᠄ ᠮᠠᠩᠭᠤᠳ ᠲᠡᠮᠦᠷ᠎ᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12122
ᠴᠠᠭ᠄ 2010 ᠤᠨ ᠤ 09 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ