☆ ᠬᠠᠰᠭᠢᠷᠤᠯ
ᠱᠤᠤᠭᠢᠶᠠᠠᠳᠤ ᠭᠤᠳᠤᠮᠵᠢ ᠶᠢᠨ ᠣᠰᠤᠨ
ᠭᠤᠳᠤᠮᠵᠢ ᠶᠢᠨ ᠱᠤᠤᠭᠢᠶᠠᠠᠳᠤ ᠣᠰᠤᠨ ᠳᠤᠨᠢ ᠪᠢ
ᠪᠦᠮᠪᠦᠷᠢᠵᠤ ᠨᠠᠢ᠌ᠯᠠᠨ ᠣᠷᠤᠰᠳᠠᠭ ᠶᠤᠮ
ᠭᠤᠶᠤᠮᠰᠢᠭ ᠭᠡᠭᠡᠡᠴᠢᠷ ᠪᠠᠶᠠᠨ ᠡᠴᠠ ᠨᠢ
ᠨᠢᠯᠪᠣᠰᠤ ᠰᠢᠭ ᠳᠠᠰᠤᠷᠠᠵᠤ ᠬᠠᠷᠢᠳᠠᠭ ᠶᠤᠮ
ᠱᠤᠤᠭᠢᠶᠠᠠᠳᠤ ᠭᠤᠳᠤᠮᠵᠢ ᠶᠢᠨ ᠣᠰᠤᠨ
ᠵᠣᠢ᠌ᠯ ᠪᠦᠷᠢ ᠶᠢᠨ ᠵᠦᠷᠢᠴᠠᠯ ᠳᠠᠢ
ᠱᠤᠤᠭᠢᠬᠤ ᠳᠤᠰᠤᠯ ᠪᠦᠭᠦᠨ ᠨᠢ
ᠵᠥᠭ᠌ ᠵᠥᠭ᠌ ᠤᠨ ᠵᠦᠷᠢᠭ᠌ ᠳᠠᠢ
ᠵᠦᠷᠢᠴᠠᠯᠳᠤ ᠵᠦᠷᠢᠭ᠌ ᠤᠨ ᠠᠶᠠᠨ ᠳᠤᠨᠢ
ᠠᠮᠢᠳᠤᠷᠠᠯ ᠶᠢᠨ ᠣᠯᠠᠨ ᠨᠤᠭᠤᠴᠠᠭ᠎ᠠ ᠳᠠᠢ
ᠠᠮᠢᠳᠤᠷᠠᠯ ᠡᠭᠦᠷᠡᠭ᠍ᠰᠡᠨ ᠳᠤᠰᠤᠯ ᠤᠳ ᠨᠢ
ᠠᠶᠠᠯᠠᠵᠤ ᠯᠠ ᠳᠠᠭᠤᠰᠳᠠᠭ ᠵᠢᠮ᠎ᠠ ᠳᠠᠢ
ᠱᠤᠤᠭᠢᠶᠠᠠᠳᠤ ᠭᠤᠳᠤᠮᠵᠢ ᠶᠢᠨ ᠣᠰᠤᠨ
ᠪᠢᠯᠢᠭ᠌ ᠤᠨ ᠳᠤᠰᠤᠯ ᠶᠢᠡᠷ ᠪᠦᠷᠢᠳᠦᠳᠡᠭ᠌ ᠡ
ᠪᠢᠯᠢᠭ᠌ ᠤᠨ ᠳᠤᠰᠤᠯ ᠪᠦᠭᠦᠨ ᠨᠢ
ᠬᠠᠢ᠌ᠷ᠎ᠠ ᠶᠢᠨ ᠭᠡᠯᠡ ᠪᠠᠷ ᠬᠠᠷᠢᠴᠠᠳᠠᠭ ᠡ︕
ᠣᠶᠤᠨ ᠤ ᠪᠣᠯᠠᠭ ᠡᠴᠠ ᠠᠰᠬᠠᠷᠴᠤ
ᠳᠡᠭ᠍ᠷᠢ ᠶᠢᠨ ᠷᠠᠰᠢᠶᠠᠨ ᠪᠠᠭᠤᠭᠰᠠᠨ ᠭᠡᠨ᠎ᠡ
ᠣᠯᠠᠨ ᠵᠠᠭᠤᠨ ᠢ ᠡᠯᠡᠭᠡᠵᠤ
ᠭᠤᠳᠤᠮᠵᠢ ᠶᠢᠨ ᠣᠰᠤᠨ ᠪᠣᠯᠤᠭᠰᠠᠨ ᠭᠡᠨ᠎ᠡ︕
ᠬᠤᠶᠠᠷ ᠳᠤᠰᠤᠯ ᠠᠭᠤᠰᠴᠤ
ᠣᠰᠤᠨ ᠤ ᠦᠷ᠎ᠡ ᠵᠠᠶᠠᠭᠠᠳᠠᠭ ᠡ
ᠬᠤᠩᠭᠤᠷ ᠡᠵᠢ ᠨᠢ ᠪᠢᠯᠬᠠᠷᠠᠵᠤ
ᠭᠤᠳᠤᠮᠵᠢ ᠶᠢᠨ ᠣᠰᠤᠨ ᠮᠦᠩᠭᠡᠷᠡᠳᠡᠭ᠌ ᠡ︕
ᠰᠦᠨᠢ ᠶᠢᠨ ᠭᠤᠳᠤᠮᠵᠢᠨ ᠤ ᠣᠰᠤᠨ
ᠰᠤᠯᠤᠩᠭᠠᠨ ᠭᠡᠭᠡ ᠲᠡᠶ ᠬᠠᠷᠠᠭᠳᠠᠬᠤ ᠶᠤᠮ
ᠰᠤᠳᠠᠯ ᠪᠦᠭᠦᠨ ᠢ ᠨᠢ ᠳᠠᠮᠵᠢᠵᠤ
ᠭᠡᠷᠡᠯ ᠤᠨ ᠳᠤᠰᠤᠯ ᠤᠳ ᠣᠷᠤᠰᠬᠤ ᠶᠤᠮ
ᠱᠤᠤᠭᠢᠶᠠᠠᠳᠤ ᠭᠤᠳᠤᠮᠵᠢ ᠶᠢᠨ ᠣᠰᠤᠨ ᠡᠴᠠ
ᠴᠠᠩᠭᠠᠭᠰᠠᠨ ᠬᠤᠷᠸ᠎ᠠ ᠣᠤᠭᠤᠳᠠᠭ ᠡ
ᠱᠤᠭᠰᠢᠵᠤ ᠣᠰᠤᠨ ᠵᠠᠯᠪᠢᠷᠠᠵᠤ
ᠶᠠᠪᠣᠭᠰᠠᠨ ᠦᠷ᠎ᠡ ᠤᠳ ᠶᠢᠡᠨ ᠭᠠᠰᠢᠭᠤᠳᠠᠳᠠᠭ ᠡ
ᠴᠡᠩᠭᠡᠷ ᠵᠠᠭᠤᠨ ᠤ ᠴᠠᠭᠠᠨ᠎ᠠ ᠡᠴᠠ
ᠭᠤᠳᠤᠮᠵᠢ ᠶᠢᠨ ᠣᠰᠤᠨ ᠢᠷᠡᠭ᠍ᠰᠡᠨ ᠶᠤᠮ
ᠴᠠᠴᠠᠨ ᠳᠡᠦᠭᠡ ᠪᠠᠨ ᠭᠢᠩᠰᠢᠵᠤ
ᠵᠠᠭᠤᠨ ᠳᠠᠮᠵᠢᠨ ᠱᠤᠤᠭᠢᠭᠰᠠᠨ ᠶᠤᠮ︕
ᠱᠤᠤᠭᠢᠶᠠᠠᠳᠤ ᠭᠤᠳᠤᠮᠵᠢ ᠶᠢᠨ ᠣᠰᠤᠨ᠃
ᠵᠤᠬᠢᠶᠠᠭᠴᠢ ᠶᠢᠨ ᠬᠠᠶᠢᠭ ᠄ ᠳᠡᠯᠡᠭᠡᠢ ᠬᠤᠳᠠ
ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11278
ᠴᠠᠭ᠄ 2011 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ