ᠨᠡᠪᠲᠡᠷᠡᠨ ᠤᠷᠤᠬᠤ
ᠰᠤᠷᠭᠠᠮᠵᠢ

ᠰᠤᠷᠭᠠᠮᠵᠢ 1


ᠭᠡᠷᠴᠡᠭᠡᠢ ᠴᠢᠨ᠋ᠸ᠎ᠠ ᠪᠠᠢ᠌ᠳᠠᠭ ᠶᠢᠡᠷ ᠶᠢᠡᠨ

ᠬᠤᠨᠢᠨ ᠤ ᠨᠤᠮᠤᠬᠠᠨ ᠢ ᠮᠡᠳᠡᠭ᠍ᠰᠡᠨ ᠪᠢ

ᠬᠤᠯᠵᠢᠨ ᠳᠠᠢ᠌ᠰᠤᠨ ᠪᠠᠢ᠌ᠳᠠᠭ ᠶᠢᠡᠷ ᠶᠢᠡᠨ

ᠨᠥᠭᠦᠷ ᠤᠨ ᠶᠢᠡᠨ ᠠᠰᠪᠣᠷᠢ ᠶᠢ ᠳᠠᠨᠢᠭᠰᠠᠨ ᠪᠢ

ᠬᠤᠨᠢ ᠠᠳᠠᠯᠢ ᠨᠤᠮᠤᠬᠠᠨ ᠪᠣᠯ

ᠭᠢᠳᠤᠭ᠎ᠠ ᠥᠵᠡᠭᠦ ᠳᠤ ᠣᠢ᠌ᠷᠠᠬᠠᠨ ᠪᠠᠢ᠌ᠬ᠎ᠠ︖

ᠭᠡᠨ ᠳᠤ ᠴᠤ ᠭᠡᠰᠡᠨ ᠠᠰᠪᠣᠷᠢ ᠪᠣᠯ

ᠭᠦᠯ ᠠᠯᠳᠠᠬᠤ ᠳᠤ ᠣᠢ᠌ᠷᠠᠬᠠᠨ ᠪᠠᠢ᠌ᠬ᠎ᠠ︖


ᠰᠤᠷᠭᠠᠮᠵᠢ 2


ᠠᠷᠢᠭᠢ ᠵᠠᠭᠤᠰᠢᠨ ᠤ ᠠᠬ᠎ᠠ ᠳᠡᠭᠦᠤ ᠭᠡᠵᠤ

ᠠᠢ᠌ᠯ ᠬᠤᠳᠤᠭᠤᠷ ᠳᠦᠭᠦᠷᠡᠩ

ᠠᠮᠢᠳᠤᠷᠠᠯ ᠳᠠᠮᠠᠴᠠᠯ ᠤᠨ ᠨᠠᠢ᠌ᠵᠠ ᠭᠡᠵᠤ

ᠠᠷᠪᠠᠨ ᠳᠠᠪᠠᠭᠠᠨ ᠤ ᠠᠯᠤᠰ

ᠬᠤᠭᠤᠯᠠ ᠴᠠᠢ ᠶᠢᠨ ᠠᠬ᠎ᠠ ᠳᠡᠭᠦᠤ ᠭᠡᠵᠤ

ᠬᠤᠳᠤᠭᠤᠷ ᠤᠨ ᠠᠢ᠌ᠯ ᠳᠦᠭᠦᠷᠡᠩ

ᠬᠤᠪᠢ ᠵᠠᠶᠠᠭᠠᠨ ᠤ ᠨᠠᠢ᠌ᠵᠠ ᠭᠡᠵᠤ

ᠬᠤᠨᠤᠭᠤᠳᠠ ᠥᠡᠵᠡᠭᠦᠳᠡ ᠶᠢᠨ ᠭᠠᠵᠠᠷ


ᠵᠤᠬᠢᠶᠠᠭᠴᠢ ᠶᠢᠨ ᠬᠠᠶ‍ᠢᠭ ᠄ ᠪᠠᠭᠡᠵᠢᠩ ᠬᠤᠳᠠ ᠶᠢᠨ ᠨᠠᠢ᠌ᠷᠠᠯᠳᠤ ᠨᠠᠢ᠌ᠷᠠᠮᠳᠠᠬᠤ ᠰᠦᠮ᠎ᠡ ᠶᠢᠨ 12 ᠨᠤᠮᠸᠷ

ᠵᠤᠬᠢᠶᠠᠭᠴᠢ᠄ ᠪᠣᠷᠵᠢᠭᠢᠨ·ᠮᠥᠩᠭᠡ‍ᠤ᠋ᠳᠽᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 01 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ