ᠨᠡᠪᠲᠡᠷᠡᠨ ᠤᠷᠤᠬᠤ
ᠡᠴᠢᠭᠡ ᠶᠢᠨ ᠶᠢᠡᠨ ᠡᠩᠭᠦᠷᠡᠢ ᠭᠦᠦᠴᠦᠳ᠂ ᠡᠷᠭᠡᠰ ᠤᠨ ᠳᠠᠯᠠᠪᠴᠢᠳᠤ ᠭᠦᠯᠦᠭ᠌ ᠪᠣᠯᠤᠭᠠᠷᠠᠢ
2008 ᠣᠨ ᠳᠤ ᠶᠡᠭᠡ ᠰᠤᠷᠭᠠᠭᠤᠯᠢ ᠳᠤ ᠳᠠᠪᠰᠢᠭᠰᠠᠨ 44 ᠰᠤᠷᠤᠭᠴᠢ ᠳᠤ ᠪᠠᠨ

ᠠᠷᠪᠠᠨ ᠳᠠᠪᠣ᠂ ᠠᠷᠪᠠᠨ ᠵᠢᠷᠭᠤᠳᠠᠢ᠌ᠬᠠᠨ ᠳᠠᠷᠠ ᠵᠢᠯ ᠳᠤ ᠪᠠᠨ ᠳᠠᠨᠠᠷ᠂ ᠠᠪᠣ ᠡᠵᠢ ᠶᠢᠨ ᠶᠢᠡᠨ ᠭᠦᠰᠡᠯ ᠪᠣᠯᠵᠤ᠂ ᠠᠯᠤᠰ ᠢᠷᠡᠭᠡᠳᠦᠢ ᠶᠢᠨ ᠰᠤᠯᠤᠩᠭ᠋᠎ᠠ ᠰᠤᠪᠢᠭᠰᠠᠭᠠᠷ᠂ ᠪᠠᠶᠠᠠᠬᠤᠰᠢᠭᠤ ᠨᠢᠭᠡᠳᠦᠭᠡᠷ ᠳᠤᠮᠳᠠᠳᠤ ᠰᠤᠷᠭᠠᠭᠤᠯᠢ ᠳᠤ ᠰᠤᠷᠤᠭᠴᠢ ᠶᠢᠨ ᠨᠠᠷ᠎ᠠ ᠬᠠᠳᠠᠵᠤ᠂ ᠰᠡᠭᠡᠭᠡᠷᠡᠭᠦ ᠶᠢᠨ ᠦᠷ ᠬᠠᠶᠠᠭᠠᠷᠠᠭᠤᠯᠤᠭᠰᠠᠨ ᠡ᠃ ᠵᠤᠯ ᠶᠢᠡᠷ᠂ ᠵᠠᠯᠠᠯᠠᠨ ᠨᠢᠰᠭᠦ ᠵᠢᠷᠭᠤᠳᠤᠭᠠᠷ ᠪᠦᠯᠦᠭ᠌ ᠤᠨ ᠭᠢᠨᠢ ᠳᠦᠷᠦᠭᠦᠴᠢ ᠭᠠᠯᠠᠭᠤ ᠨᠢ ᠪᠣᠯᠵᠤ ᠪᠢᠯᠠ᠂ ᠪᠢ ᠴᠢᠨᠢ ︕ ᠬᠤᠨ ᠭᠠᠯᠠᠭᠤ ᠨᠢᠰᠦᠭᠡᠳ ᠭᠦᠷᠭᠦ ᠦᠭᠡᠶ ᠭᠠᠵᠠᠷ ᠡᠴᠡ ᠭᠦᠮᠤᠨ ᠤ ᠭᠦᠤ ᠡᠷᠳᠡᠨᠢ ᠡᠪᠦᠷᠯᠡᠭᠡᠳ ᠪᠣᠴᠠᠨ᠎ᠠ ᠳ᠋ᠠ ︕ ᠭᠦᠰᠡᠯ ᠲᠡᠶ ᠴᠤ ᠵᠠᠯᠠᠭᠤᠴᠤᠳ᠂ ᠠᠭᠠᠰᠢ ᠲᠡᠶ ᠴᠤ ᠬᠡᠦᠬᠡᠳ ᠤᠳ ᠲᠤ ᠶᠠᠮᠠᠷ ᠰᠢᠤ ᠡᠷᠳᠡᠨᠢ ᠣᠯᠭᠤᠳᠠᠭ ᠪᠢᠯᠠ ︖ ᠮᠢᠨᠤ ᠡᠨᠡ ᠳᠦᠷᠦᠭᠦᠴᠢ ᠭᠠᠯᠠᠭᠤ ᠴᠢᠨᠢ ᠁

ᠳᠡᠭᠡᠭᠡᠳ ᠪᠢ᠂ ᠭᠦᠰᠡᠯ ᠭᠡᠳᠡᠭ᠌ ᠴᠢᠨᠢ ᠁ ᠡᠢ᠌ᠮᠤ ᠯᠠ ᠭᠡᠵᠤ ᠠᠩᠬ᠎ᠠ ᠣᠳᠠᠭᠠᠨ ᠤ ᠭᠢᠴᠢᠶᠠᠯ ᠳᠡᠭᠡᠷ᠎ᠡ ᠪᠠᠨ ᠠᠪᠣ ᠶᠢᠨ ᠬᠡᠦᠬᠡᠳ ᠤᠳ ᠲᠤ ᠮᠡᠷᠭᠡᠯᠡᠭᠦ ᠳᠤ᠂ ᠭᠡᠨ ᠳᠤ ᠨᠢ ᠭᠡᠯᠡᠵᠤ ᠪᠠᠢ᠌ᠬᠤ ᠪᠣᠯ ︖ ᠭᠡᠭᠦ ᠮᠠ‍‌ᠶ‍ᠢᠭᠳᠠᠢ ᠭᠡᠨᠡᠨ ᠬᠠᠷᠠᠴᠠ ᠪᠠᠷ ᠶᠢᠡᠨ ᠠᠰᠠᠭᠤᠵᠠᠭᠠᠵᠤ ᠪᠠᠢ᠌ᠯ᠎ᠠ᠃ ᠶᠤᠰᠤ ᠰᠠᠭᠢᠯᠭ᠎ᠠ ᠶᠢ ᠵᠢᠷᠤᠮᠯᠠᠬᠤ ᠳᠤᠬᠠᠢ ᠶᠠᠩᠰᠢᠭᠠᠤᠨ ᠶᠠᠩᠰᠢᠭᠠᠤᠨ ᠭᠠᠷᠬᠤ ᠳᠤ ᠶᠠᠭ ᠵᠦᠷᠢᠴᠡᠭᠦ ᠦᠭᠡᠶ ᠭᠡᠵᠤ ᠠᠮᠠᠯᠠᠯ ᠮᠠᠳᠤ ᠪᠠᠷ ᠪᠠᠳᠤᠯᠠᠵᠤ ᠪᠠᠢ᠌ᠭᠰᠠᠨ ᠴᠤ ᠥᠩᠭᠡᠷᠡᠤ ᠭᠡᠳᠤ ᠬᠤᠨᠤᠯ ᠦᠭᠡᠶ ᠪᠠᠷ ᠪᠢ ᠪᠣᠷᠤᠭᠤᠳᠠᠯ᠎ᠠ ᠭᠡᠭ᠍ᠰᠡᠭᠡᠷ ᠬᠠᠴᠠᠷ ᠳᠡᠭᠡᠷ᠎ᠡ ᠪᠠᠨ ᠨᠢᠯᠪᠣᠰᠤ ᠪᠠᠷ ᠶᠢᠡᠨ ᠭᠡᠮᠰᠢᠯ ᠪᠢᠴᠢᠳᠡᠭ᠌ ᠭᠠᠢ᠌ᠬᠠᠯ ᠴᠤ ᠪᠠᠢ᠌ᠭᠰᠠᠨ ᠡ ︕

ᠰᠤᠷᠤᠭᠴᠢ ᠶᠢᠨ ᠳᠠᠪᠰᠢᠯᠳᠠ ᠳᠤ ᠰᠢᠨᠠᠤᠨ ᠤᠨ ᠰᠠᠷᠠ ᠳᠦᠭᠦᠷᠢᠭ᠌ ᠬᠠᠷᠠᠭᠳᠠᠵᠤ᠂ ᠰᠤᠷᠤᠯᠭ᠎ᠠ ᠶᠢᠨ ᠭᠢᠨᠢ ᠴᠠᠯᠠᠭᠠᠢ᠌ᠳᠠᠯ ᠳᠤ ᠰᠦ᠋ ᠲᠡᠶ ᠴᠠᠢ ᠴᠤ ᠭᠠᠰᠢᠭᠤᠨ ᠠᠮᠳᠠᠭᠳᠠᠨ᠎ᠠ᠃ ᠪᠠᠭᠰᠢ ᠪᠦᠭᠦᠨ ᠤ ᠰᠠᠨᠠᠭ᠎ᠠ ᠭᠡᠵᠤ ᠠᠯᠠᠭ ᠦᠭᠡᠶ ᠪᠠᠢ᠌ᠳᠠᠭ ︕ ᠭᠡᠶ᠎ᠡ᠂ ᠭᠦᠯᠦᠭ᠌ ᠪᠦᠭᠦᠨ ᠵᠢᠷᠤᠭ᠎ᠠ ᠦᠭᠡᠶ᠂ ᠭᠦᠮᠤᠨ ᠪᠦᠭᠦᠨ ᠠᠳᠠᠯᠢ ᠦᠭᠡᠶ ᠭᠡᠳᠡᠭ᠍ᠴᠢᠯᠡᠨ ᠰᠤᠷᠤᠯᠭ᠎ᠠ ᠰᠤᠷᠳᠠᠯ ᠶᠢᠡᠷ ᠪᠣᠰᠤᠳ ᠡᠴᠡ ᠪᠠᠨ ᠬᠤᠴᠤᠷᠤᠭᠠᠤᠨ ᠢᠷᠡᠭᠦ ᠳᠤ ᠪᠠᠨ ᠭᠤᠯᠤᠸᠢᠤᠢ ᠰᠢᠭ᠌ ᠳᠤᠳᠠᠭᠠᠬᠤ ᠪᠣᠳᠤᠯ ᠣᠷᠭᠤᠭᠤᠯᠬᠤ ᠳᠤ ᠊ᠭ᠍᠊ᠯᠦᠪᠡ ᠮᠠᠳᠤ ᠪᠠᠷ ᠪᠢ ᠴᠢᠨᠢ ᠱᠠᠭᠠᠷᠳᠠᠬᠤ ᠳᠤ᠂ ᠠᠳᠤᠭᠤᠨ ᠳᠤ ᠪᠠᠨ ᠭᠡᠪᠠᠯ ᠭᠦᠯᠦᠭ᠌ ᠤᠨ ᠳᠤᠭᠤᠰᠤᠨ ᠳᠤ ᠪᠣᠯᠠᠭᠳᠠᠬᠤ ᠦᠭᠡᠶ᠂ ᠠᠳᠠᠭᠠᠨ ᠳᠤ ᠪᠠᠨ ᠭᠡᠪᠠᠯ ᠭᠦᠮᠤᠨ ᠤ ᠳᠤᠭᠤᠰᠤᠨ ᠳᠤ ᠳᠠᠷᠤᠭᠳᠠᠬᠤ ᠦᠭᠡᠶ ᠭᠡᠵᠤ ᠳᠠᠨᠠᠷ ᠮᠢᠨᠢ ᠣᠩᠰᠢᠭᠠᠤᠨ ᠭᠠᠷᠤᠭᠰᠠᠨ ᠶᠤᠮ᠂ ᠣᠷᠤᠭᠰᠢ ᠪᠠᠨ ᠵᠢᠦᠡᠭᠦᠭ᠍ᠰᠡᠨ ᠶᠤᠮ᠃ ᠳᠡᠭᠡᠭᠦ ᠪᠠᠷ ᠶᠢᠡᠨ ᠰᠤᠷᠬᠤ ᠶᠢᠨ ᠪᠠᠷᠳᠠᠭᠠᠳᠤ ᠠᠭᠤᠯᠠᠨ ᠳᠤ ᠰᠤᠭᠤᠷᠠᠭᠠᠤᠨ ᠰᠤᠭᠤᠷᠠᠭᠠᠤᠨ ᠭᠠᠷᠤᠯ᠎ᠠ᠂ ᠰᠤᠷᠳᠠᠯ ᠤᠨ ᠨᠤᠭᠤᠭᠠᠨ ᠵᠥᠯᠭᠡᠨ ᠳᠤ ᠴᠡᠴᠡᠭᠯᠡᠭᠡᠳ ᠴᠡᠴᠡᠭᠯᠡᠭᠡᠳ ᠳᠡᠯᠭᠡᠷᠡᠯ᠎ᠡ ᠁

ᠶ‍ᠢᠷᠳᠢᠠᠴᠤ ᠶᠢᠨ ᠡᠷᠢᠶᠡᠨ᠂ ᠠᠩᠭᠢ ᠶᠢᠨ ᠭᠡᠷ ᠶᠢᠡᠷ ᠮᠢᠨᠢ ᠳᠠᠭᠠᠷᠢᠭᠠᠤᠨ ᠭᠠᠷᠬᠤ ᠳᠤ ᠪᠠᠨ ᠠᠮᠢᠳᠤᠷᠠᠯ ᠤᠨ ᠰᠠᠭᠤᠷᠢ ᠪᠠᠷ ᠨᠢᠮᠭᠡᠨ ᠪᠠᠢ᠌ᠭᠰᠠᠨ ᠭᠡᠳᠤ ᠶᠢ ᠮᠢᠨᠢ ᠵᠦᠪ ᠬᠠᠠᠳᠤᠨ ᠢᠨᠢᠶᠡᠯᠭᠡᠵᠤ᠂ ᠪᠣᠷᠤᠭᠤ ᠬᠠᠷᠠᠨ ᠣᠭᠢᠯᠠᠭᠤᠯᠤᠭᠰᠠᠭᠠᠷ ᠴᠢᠷᠦᠭᠡᠳ ᠶᠠᠪᠣᠭᠰᠠᠨ ᠶᠤᠮ᠃ ᠰᠠᠯᠠᠬᠤ ᠶᠢᠨ ᠣᠶᠠᠷᠠᠯ ᠳᠤ ᠬᠠᠭᠤᠷᠠᠢ ᠨᠢᠳᠤᠳᠠᠨ ᠭᠠᠷᠤᠭ᠎ᠠ ᠦᠭᠡᠶ᠃ ᠬᠤᠷᠴᠠ ᠭᠢᠳᠤᠭᠠᠨ ᠳᠤ ᠳᠠᠰᠤᠳᠠᠰᠢ ᠦᠭᠡᠶ ᠬᠠᠮᠳᠤ ᠰᠤᠷᠤᠯᠭᠠᠳᠠᠨ ᠤ ᠬᠠᠢ᠌ᠷ᠎ᠠ ᠶᠢᠨ ᠬᠤᠯᠪᠣᠭ᠎ᠠ ᠪᠠᠨ ᠭᠡᠨ ᠴᠤ ᠮᠠᠷᠳᠠᠬᠤ ᠦᠭᠡᠶ ᠭᠡᠵᠤ ᠭᠡᠨ ᠪᠦᠭᠦᠨ ᠳᠤ ᠪᠠᠨ ᠠᠮᠠᠯᠠᠵᠤ ᠪᠠᠢ᠌ᠯ᠎ᠠ ︕ ᠭᠠᠭᠴᠠᠬᠠᠨ ᠡᠨᠡ ᠨᠠᠰᠤᠨ ᠳᠤ ᠯᠠ ᠪᠢᠰᠢ᠂ ᠭᠠᠯᠪ ᠶᠡᠭᠦᠷᠡᠭ᠍ᠰᠡᠨ ᠴᠤ ᠳᠠᠰᠤᠷᠠᠳᠠᠭ ᠦᠭᠡᠶ ᠪᠠᠭᠰᠢ ᠰᠤᠷᠤᠭᠴᠢ ᠭᠢᠭᠡᠳ ᠬᠠᠮᠳᠤ ᠰᠤᠷᠤᠯᠭᠠᠳᠠᠨ ᠤ ᠬᠠᠢ᠌ᠷ᠎ᠠ ᠶᠢᠨ ᠵᠠᠩᠭᠢᠶ᠎ᠠ ᠡᠨᠡ ᠦᠶ᠎ᠡ ᠡᠴᠡ ᠣᠭᠠᠯᠵᠠᠯᠠᠭᠳᠠᠭᠰᠠᠨ ᠪᠠᠢ᠌ᠬᠤ ᠦᠦ ︕

ᠳᠠ ᠪᠦᠭᠦᠨ᠂ ᠦᠷᠯᠦᠭᠡ ᠶᠢᠨ ᠨᠠᠷᠠᠨ ᠡᠴᠡ ᠢᠳᠡᠭᠡᠯ ᠳᠡᠭᠡᠵᠢᠯᠡᠨ᠂ ᠦᠳᠡᠰᠢ ᠶᠢᠨ ᠰᠠᠷᠠᠨ ᠡᠴᠡ ᠵᠡᠭᠦᠳᠤᠨ ᠰᠤᠪᠢᠵᠤ᠂ ᠶᠠᠭᠠᠷᠠᠯᠳᠠᠢ ᠭᠦᠶ‍ᠦᠭ᠍ᠰᠡᠨ ᠴᠤ ᠪᠠᠬᠠᠳᠤᠭᠤᠰᠢᠳᠠᠢ ᠭᠤᠷᠪᠠᠨ ᠵᠢᠯ ᠶᠢᠡᠨ᠂ ᠵᠦᠳᠡᠷᠡᠯᠳᠠᠢ ᠵᠢᠦᠡᠭᠦᠭ᠍ᠰᠡᠨ ᠴᠤ ᠣᠮᠤᠭᠰᠢᠭᠤᠰᠢᠳᠠᠢ ᠭᠤᠷᠪᠠᠨ ᠵᠢᠯ ᠶᠢᠡᠨ ᠬᠠᠮᠳᠤ ᠪᠠᠷ ᠳᠤᠭᠤᠯᠤᠯ᠎ᠠ᠂ ᠶᠠᠭᠤᠳᠠᠢ ᠵᠠᠪᠰᠢᠶᠠᠨ᠂ ᠶᠠᠭᠤᠳᠠᠢ ᠵᠢᠷᠭᠠᠯ ︕ ᠳᠡᠭᠡᠭᠡᠳ ᠯᠠ ᠠᠮᠢᠳᠤᠷᠠᠯ ᠳᠤ ᠴᠢᠨᠢ ᠲᠤᠬᠢᠶᠠᠯᠳᠤᠭᠰᠠᠨ ᠠᠩᠬᠠᠨ ᠤ ᠳᠠᠪᠠᠭ᠎ᠠ ᠶᠢ ᠵᠤᠨ ᠤ ᠵᠢᠷᠭᠤᠭᠠᠨ ᠰᠠᠷ᠎ᠠ ᠳᠤ ᠪᠠᠨ ᠠᠮᠵᠢᠯᠳᠠᠳᠠᠢ ᠳᠤᠭᠤᠯᠵᠤ᠂ ᠬᠦᠬᠡᠬᠤᠲᠠ ᠳ᠋ᠠᠭᠢ ᠰᠤᠷᠭᠠᠭᠤᠯᠢ ᠳᠤ 38 ᠮᠢᠨᠢ ᠣᠴᠢᠵᠤ᠂ ᠲᠦᠩᠯᠢᠶᠤᠤ ᠳ᠋ᠠᠭᠢ ᠰᠤᠷᠭᠠᠭᠤᠯᠢ ᠳᠤ 3 ᠨᠢ ᠶᠠᠪᠤᠨ᠂ ᠣᠷᠤᠨ ᠤ ᠭᠠᠳᠠᠨᠠᠭᠢ ᠳᠤ 3 ᠨᠢ ᠭᠦᠷᠦᠭ᠍ᠰᠡᠨ ᠡ ︕ ᠨᠢᠭᠡ ᠠᠩᠭᠢ ᠶᠢᠨ 44 ᠨᠠᠷᠠᠰ ᠰᠤᠷᠤᠭᠴᠢ ᠮᠢᠨᠢ ᠪᠦᠭᠦᠨ ᠪᠠᠷ ᠶᠢᠡᠨ ᠶᠡᠭᠡ ᠰᠤᠷᠭᠠᠭᠤᠯᠢ ᠶᠢᠨ ᠵᠢᠩᠭᠢᠨᠢ ᠠᠩᠭᠢ ᠶᠢᠨ ᠬᠤᠪᠢᠨ ᠳᠤ ᠭᠦᠷᠴᠤ᠂ ᠳᠠᠪᠰᠢᠨ ᠣᠷᠤᠭᠠᠤᠨ ᠠᠩᠭᠢ ᠡᠴᠡ ᠪᠠᠨ ᠡᠭᠦᠷᠢᠳᠡ ᠬᠠᠶᠠᠭᠳᠠᠬᠤ ᠦᠭᠡᠶ ᠶᠢᠨ ᠣᠴᠢᠷ ᠣᠬᠠᠭᠠᠨ ᠢ ᠥᠢᠯᠡᠳᠦᠯᠭᠡ ᠪᠠᠷ ᠶᠢᠡᠨ ᠪᠠᠳᠤᠯᠠᠭᠰᠠᠨ ᠪᠢᠰᠢᠤ ︕

ᠣᠳᠤ ᠳᠤ᠂ ᠳᠠᠨᠠᠷ ᠮᠢᠨᠢ ᠶᠡᠭᠡ ᠰᠤᠷᠭᠠᠭᠤᠯᠢ ᠶᠢᠨ ᠨᠤᠮ ᠤᠨ ᠭᠦᠷᠢᠶᠡᠯᠡᠩ ᠳᠤ ᠰᠤᠶᠤᠯ ᠡᠷᠳᠡᠮ ᠤᠨ ᠨᠤᠭᠤᠭᠠᠨ ᠵᠥᠯᠭᠡᠨ ᠳᠡᠭᠡᠷ᠎ᠡ ᠳᠠᠪᠠᠳᠠᠢ᠌ᠬᠠᠨ ᠳᠤᠭᠯᠠᠬᠤ ᠳᠤ ᠪᠠᠨ ᠳᠡᠭᠡᠳᠤ ᠳᠤᠮᠳᠠᠳᠤ ᠶᠢᠨ ᠦᠶ᠎ᠡ ᠶᠢᠨ ᠳᠡᠷᠡᠭᠦ ᠡᠷᠴᠢ ᠵᠤᠷᠢᠭ᠂ ᠡᠷᠢᠯ ᠭᠦᠰᠡᠯ᠂ ᠡᠶ᠎ᠡ ᠡᠪ ᠁ ᠶᠢᠡᠨ ᠮᠠᠷᠳᠠᠵᠤ ᠪᠣᠯᠳᠠᠭ ᠦᠭᠡᠶ ᠶᠤᠮ ᠰᠢᠤ ︕ ᠣᠳᠤᠬᠠᠨ ᠳᠤ ᠰᠤᠷᠤᠯᠴᠠᠬᠤ ᠭᠡᠳᠡᠭ᠌ ᠴᠢᠨᠢ ᠨᠠᠰᠤᠨ ᠳᠤᠷᠰᠢᠳᠠ ᠶᠢᠨ ᠣᠷᠤᠯᠳᠤᠯᠭ᠎ᠠ᠂ ᠦᠷᠢᠰᠦᠯᠳᠦᠭᠡᠨ ᠭᠡᠳᠡᠭ᠌ ᠴᠢᠨᠢ ᠴᠢᠳᠠᠪᠣᠷᠢᠳᠠᠨ ᠤ ᠦᠷᠢᠰᠦᠭᠡᠨ ᠢ ᠭᠡᠯᠡᠳᠡᠭ᠌ ᠪᠠᠢ᠌ᠨ᠎ᠠ᠃ ᠣᠳᠤᠬᠠᠨ ᠳᠤ ᠴᠢᠳᠠᠪᠣᠷᠢᠳᠠᠨ ᠪᠦᠭᠦᠨ ᠶᠡᠭᠡ ᠰᠤᠷᠭᠠᠭᠤᠯᠢ ᠳᠡᠭᠦᠰᠦᠭ᠍ᠰᠡᠨ ᠪᠢᠰᠢ᠂ ᠶᠡᠭᠡ ᠰᠤᠷᠭᠠᠭᠤᠯᠢ ᠳᠡᠭᠦᠰᠦᠭ᠍ᠰᠡᠨ ᠪᠦᠭᠦᠨ ᠴᠢᠳᠠᠪᠣᠷᠢᠳᠠᠨ ᠪᠣᠯᠳᠠᠭ ᠪᠢᠰᠢ᠃ ᠭᠡᠶ᠎ᠡ᠂ ᠴᠢᠳᠠᠪᠣᠷᠢᠳᠠᠨ ᠪᠣᠯᠬᠤ ᠶᠢᠨ ᠮᠡᠳᠡᠯᠭᠡ ᠰᠢᠮ᠎ᠠ ᠶᠢ ᠶᠡᠭᠡ ᠰᠤᠷᠭᠠᠭᠤᠯᠢ ᠡᠴᠡ ᠭᠦᠷᠳᠡᠳᠡᠭ᠌ ᠶᠤᠮ᠂ ᠴᠢᠳᠠᠪᠣᠷᠢᠳᠠᠨ ᠪᠣᠯᠬᠤ ᠶᠢᠨ ᠠᠩᠬᠠᠨ ᠤ ᠠᠯᠬᠤᠮ ᠢ ᠶᠡᠭᠡ ᠰᠤᠷᠭᠠᠭᠤᠯᠢ ᠡᠴᠡ ᠡᠭᠢᠯᠡᠭᠦᠯᠳᠡᠭ᠌ ᠶᠤᠮ ᠰᠢᠤ᠂ ᠢᠩᠭᠢᠪᠠᠯ ᠰᠠ‍‌ᠶᠢ ᠢᠷᠡᠭᠡᠳᠦᠢ ᠳᠠᠨᠠᠢ᠌ᠭᠢ ᠪᠣᠯᠳᠠᠭ ᠪᠠᠢ᠌ᠨ᠎ᠠ︕

ᠦᠨᠦᠳᠤᠷ᠂ ᠪᠠᠭᠰᠢ ᠴᠢᠨᠢ ᠰᠤᠷᠤᠯᠴᠠᠵᠤ ᠪᠠᠢ᠌ᠭᠰᠠᠨ ᠠᠩᠭᠢ ᠶᠢᠨ ᠭᠡᠷ ᠤᠨ ᠡᠭᠦᠳᠡ ᠪᠠᠷ ᠴᠢᠨᠢ ᠭᠠᠷᠬᠤᠶ᠎ᠠ᠂ ᠠᠯᠢ ᠨᠢᠭᠡᠨ ᠤ ᠭᠢᠨᠢ ᠢᠨᠢᠶᠠᠳᠤ ᠲᠡᠶ ᠴᠢᠷᠠᠢ ᠨᠢ ᠬᠠᠷᠠᠭᠳᠠᠬᠤ ᠰᠢᠭ᠂ ᠬᠠᠨᠢᠶᠠᠳᠤ ᠲᠡᠶ ᠳᠠᠭᠤ ᠨᠢ ᠰᠤᠨᠤᠰᠳᠠᠬᠤ ᠶᠤᠮ ᠰᠢᠭ᠃ ᠤᠶᠤᠨᠪᠢᠯᠢᠭ᠌ ᠠᠩᠭᠢ ᠶᠢᠨ ᠳᠠᠷᠤᠭ᠎ᠠ ᠪᠠᠷ ᠶᠠᠪᠣᠵᠤ᠂ ᠣᠯᠢᠶᠠᠰᠤ ᠰᠤᠷᠤᠯᠭ᠎ᠠ ᠶᠢᠨ ᠭᠡᠰᠢᠭᠦᠨ ᠢ ᠡᠭᠦᠷᠭᠡᠯᠡᠵᠤ ᠪᠠᠢ᠌ᠭᠰᠠᠨ ᠡ ︕


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6179
ᠴᠠᠭ᠄ 2010 ᠤᠨ ᠤ 11 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ