ᠨᠡᠪᠲᠡᠷᠡᠨ ᠤᠷᠤᠬᠤ
ᠰᠢᠯᠦᠭ᠌ ᠪᠢᠴᠢᠨ᠎ᠠ

ᠪᠢᠯᠢᠭ᠌ ᠣᠬᠠᠭᠠᠨ ᠶᠢᠡᠨ ᠰᠤᠷᠢᠨ

ᠪᠢᠷ ᠤᠨ ᠥᠵᠦᠭᠦᠷ ᠶᠢᠡᠨ ᠬᠤᠷᠴᠠᠯᠠᠨ ᠪᠠᠢ᠌ᠵᠤ ᠰᠢᠯᠦᠭ᠌ ᠪᠢᠴᠢᠨ᠎ᠠ

ᠬᠤᠪᠢ ᠪᠠᠶ᠎ᠠ ᠪᠠᠨ ᠭᠦᠮᠤᠨ ᠳᠤ ᠨᠠᠢ᠌ᠳᠠᠵᠤ

ᠬᠤᠪᠢ ᠵᠠᠶᠠᠭ᠎ᠠ ᠪᠠᠨ ᠨᠡᠢ᠌ᠭᠡᠮ ᠳᠤ ᠳᠤᠰᠢᠶᠠᠵᠤ

ᠬᠤᠯᠠ ᠤᠢ᠌ᠷ᠎ᠡ ᠶᠢ ᠪᠣᠳᠤᠯ ᠳᠠᠭᠠᠨ ᠳᠤᠩᠭ᠋ᠠᠭᠠᠵᠤ

ᠬᠤᠷᠸ᠎ᠠ ᠶᠢᠨ ᠣᠢ᠌ᠯᠠ ᠶᠢ ᠰᠡᠳᠭᠢᠯ ᠳᠡᠭᠡᠨ ᠪᠠᠭᠳᠠᠭᠠᠵᠤ

ᠰᠢᠯᠦᠭ᠌ ᠪᠢᠴᠢᠨ᠎ᠡ᠂ ᠰᠢᠯᠦᠭ᠌ ᠪᠢᠴᠢᠨ᠎ᠠ᠃

ᠨᠠᠢ᠌ᠷᠠᠭ ᠢ ᠮᠢᠨᠢ ᠣᠩᠰᠢᠭᠰᠠᠨ ᠭᠦᠮᠤᠨ ᠪᠦᠭᠦᠨ ᠳᠤ ᠳᠠᠯᠠᠷᠬᠠᠵᠤ

ᠨᠠᠷᠠᠳᠤ ᠶᠢᠨ ᠵᠠᠢ ᠳᠤ ᠪᠢ ᠢᠯᠡᠭᠦᠭᠡᠨ ᠰᠢᠯᠦᠭ᠌ ᠪᠢᠴᠢᠨ᠎ᠠ

ᠨᠠᠷᠭᠢᠶᠠᠨ ᠭᠦᠭ᠍ᠵᠢᠶᠡᠨ ᠡᠴᠠ ᠦᠯᠡᠮᠵᠢ ᠶᠢᠨ ᠰᠡᠯᠡᠭᠦᠤ ᠭᠠᠵᠠᠷ ᠣᠴᠢᠵᠤ

ᠨᠠᠢ᠌ᠷᠠᠭ ᠰᠢᠯᠦᠭ᠌ ᠨᠠᠩ ᠢᠯᠡᠭᠦᠤ ᠤᠶᠠᠩ‍ᠭ᠎ᠠ ᠲᠡᠶ ᠪᠢᠴᠢᠨ᠎ᠠ᠃

ᠬᠤᠷᠢᠨ ᠨᠠᠰᠤ ᠮᠢᠨᠢ ᠬᠤᠯᠠᠳᠠᠵᠤ ᠭᠡᠳᠥᠢᠨᠡᠢ ᠥᠩᠭᠡᠷᠡᠭ᠍ᠰᠡᠨ ᠴᠤ

ᠬᠤᠤᠰ ᠦᠭᠡᠶ ᠵᠠᠯᠠᠭᠤ ᠶᠢᠨ ᠴᠤᠭ ᠵᠢᠪᠬᠤᠭ᠎ᠠ ᠪᠠᠭᠤᠷᠠᠭ᠎ᠠ ᠥᠭᠡᠢ

ᠬᠤᠭᠰᠢᠯ ᠭᠦᠷᠦᠩᠭᠡ ᠪᠠᠷ ᠭᠦᠮᠤᠨ ᠡᠴᠠ ᠳᠠᠪᠠᠵᠤ ᠴᠢᠳᠠᠬᠤ ᠦᠭᠡᠶ ᠴᠤ

ᠬᠠᠯᠭᠢᠯᠠᠭᠰᠠᠨ ᠬᠠᠯᠠᠭᠤᠨ ᠰᠡᠳᠭᠢᠯ ᠶᠢᠡᠷ ᠪᠢ ᠭᠡᠵᠢᠶ᠎ᠡ ᠴᠤ ᠶᠠᠳᠠᠭᠤᠷᠠᠬᠤ ᠥᠭᠡᠢ

ᠨᠠᠭᠠᠷᠤ ᠲᠡᠶ ᠴᠠᠭᠠᠷᠤ ᠲᠡᠶ ᠭᠦᠮᠤᠨ ᠤ ᠠᠮᠢᠳᠤᠷᠠᠯ ᠭᠡᠳᠡᠭ᠌

ᠨᠠᠷᠠᠨ ᠤ ᠳᠤᠤᠷ᠎ᠠ ᠪᠢᠴᠢᠭᠡᠳ ᠪᠠᠷᠠᠬᠤ ᠦᠭᠡᠶ ᠰᠢᠯᠦᠭ᠌ ᠪᠠᠢ᠌ᠨᠠᠮ

ᠨᠠᠢ᠌ᠷᠠᠭ ᠰᠢᠭ᠌ ᠶᠢᠡᠨ ᠵᠠᠯᠠᠭᠤ ᠶᠠᠪᠣᠬᠤ ᠶᠢᠨ ᠣᠴᠢᠷ

ᠨᠠᠰᠤᠨ ᠤ ᠳᠤᠭᠠᠯᠠᠯ ᠳᠡᠭᠡᠷ᠎ᠡ ᠪᠢ ᠭᠡᠵᠢᠶᠡᠳᠡ ᠰᠢᠯᠦᠭ᠌ ᠪᠢᠴᠢᠨ᠎ᠠ

ᠢᠳᠡᠭᠡᠯ ᠡᠴᠠ ᠣᠠᠳᠤᠷᠤᠭᠰᠠᠨ ᠢᠷᠠᠭᠤ ᠨᠠᠢ᠌ᠷᠠᠭ ᠭᠡᠳᠡᠭ᠌

ᠡᠨᠡ ᠶ‍ᠢᠷᠳᠢᠠᠴᠤ ᠳᠡᠭᠡᠷ᠎ᠡ ᠡᠭᠡ ᠭᠠᠵᠠᠷ ᠰᠢᠭ᠌ ᠮᠥᠩᠭᠡ ᠶᠢᠨ ᠶᠤᠮ

ᠡᠩᠨᠡᠭᠦᠯᠵᠤ ᠪᠢᠴᠢᠭ᠍ᠰᠡᠨ ᠡᠵᠡᠨ ᠨᠢ ᠮᠥᠩᠭᠡᠷᠡᠭᠦ ᠦᠭᠡᠶ ᠴᠤ

ᠡᠭᠡᠰᠢᠭᠡᠯᠡᠭ᠍ᠰᠡᠨ ᠰᠢᠯᠦᠭ᠌ ᠡᠭᠦᠷᠢᠳᠡ ᠣᠶᠠᠩᠭ᠋ᠠᠷᠠᠵᠤ ᠦᠯᠠᠳᠠᠨ᠎ᠡ᠂

ᠥᠭᠡᠳᠡ ᠪᠣᠰᠤᠭ᠎ᠠ ᠮᠤᠩᠭ᠋ᠤᠯ ᠥᠰᠦᠭ᠌ ᠶᠢᠡᠨ ᠬᠤᠯᠪᠣᠬᠤ ᠳ᠋ᠤ

ᠦᠷᠤ ᠵᠢᠷᠦᠭᠡ ᠮᠢᠨᠢ ᠦᠪᠡᠷ ᠤᠨ ᠡᠷᠭᠡ ᠦᠭᠡᠶ ᠳᠤᠭᠳᠤᠯᠵᠤ ᠢᠷᠠᠨ᠎ᠡ

ᠦᠨᠳᠦᠰᠦᠳᠠᠨ ᠣᠭᠰᠠᠭ᠎ᠠ ᠰᠤᠶᠤᠯ ᠰᠤᠷᠭᠠᠨ ᠭᠦᠮᠦᠵᠢᠯ ᠭᠡᠳ

ᠡᠳᠦᠷᠵᠢᠨ ᠵᠢᠳᠭᠦᠭ᠍ᠰᠡᠨ ᠣᠯᠠᠨ ᠳᠤ ᠳᠤᠩ ᠬᠠᠢ᠌ᠷ᠎ᠠ ᠭᠦᠷᠦᠨ᠎ᠡ

ᠴᠠᠭᠢᠯᠵᠤ ᠣᠳᠤᠭᠰᠠᠨ ᠠᠷᠪᠠᠨ ᠭᠤᠷᠪᠠᠳᠤᠭᠠᠷ ᠵᠠᠭᠤᠨ ᠤ

ᠴᠠᠪᠴᠢᠯᠠᠨ ᠳᠠᠪᠭᠢᠭᠰᠠᠨ ᠭᠦᠯᠦᠭ᠌ ᠤᠨ ᠳᠦᠪᠤᠷᠬᠡᠨ ᠶᠢᠡᠷ ᠰᠢᠯᠦᠭ᠌ ᠪᠢᠴᠢᠨ᠎ᠠ

ᠴᠢᠩᠭ᠋ᠠᠷᠠᠭᠰᠠᠨ ᠡᠵᠡᠳ ᠢ ᠴᠠᠳᠤᠭᠰᠠᠨ ᠬᠤᠨᠢ ᠰᠢᠭ᠌ ᠨᠤᠮᠤᠬᠠᠷᠠᠭᠤᠯᠤᠭᠰᠠᠨ

ᠴᠢᠩᠭᠢᠰ ᠪᠣᠭᠳᠠ ᠶᠢᠨ ᠰᠠᠯᠠᠮ᠎ᠠ ᠶᠢᠨ ᠥᠵᠦᠭᠦᠷ ᠶᠢᠡᠷ ᠰᠢᠯᠦᠭ᠌ ᠪᠢᠴᠢᠨ᠎ᠠ᠃

ᠥᠯᠢᠭᠡᠷ ᠳᠤᠮᠤᠭ ᠢ ᠦᠷᠭᠦᠯᠵᠢᠯᠡᠨ ᠶᠠᠷᠢᠭᠠᠤᠨ ᠳᠠᠭᠤᠰᠳᠠᠭ ᠥᠭᠡᠢ

ᠣᠷᠠᠨ ᠭᠡᠯᠮᠡᠦᠷᠢᠴᠢ ᠡᠪᠦᠭᠡᠳ ᠶᠢᠡᠨ ᠥᠭᠡᠢ᠌ᠯᠡᠵᠤ ᠰᠢᠯᠦᠭ᠌ ᠪᠢᠴᠢᠨ᠎ᠠ

ᠦᠴᠦᠭᠡᠨ ᠨᠠᠰᠤᠨ ᠳᠠᠭᠠᠨ ᠰᠤᠷᠤᠯᠭ᠎ᠠ ᠪᠠᠨ ᠳᠤᠳᠠᠭᠤ ᠵᠤᠭᠰᠤᠭᠰᠠᠨ

ᠥᠨᠦᠴᠢᠷᠡᠭ᠍ᠰᠡᠨ ᠵᠠᠷᠢᠮ ᠬᠡᠦᠬᠡᠳ ᠢ ᠦᠷᠤ ᠡᠪᠡᠳᠴᠤ ᠰᠢᠯᠦᠭ᠌ ᠪᠢᠴᠢᠨ᠎ᠠ

ᠠᠷᠭ᠎ᠠ ᠬᠤᠤᠪᠢᠯᠳᠤᠯᠭ᠎ᠠ ᠪᠠᠷ ᠠᠷᠤ ᠡᠭᠦᠳᠡ ᠭᠦᠶ‍ᠦᠳᠡᠭ᠌ ᠵᠠᠯᠢᠬᠠᠢ ᠶᠢ ᠬᠤᠷᠤᠰᠴᠤ ᠰᠢᠯᠦᠭ᠌ ᠪᠢᠴᠢᠨ᠎ᠠ

ᠠᠮᠤᠷ ᠳᠠᠪᠠ ᠪᠠᠷ ᠢᠳᠡᠯᠭᠡ ᠰᠢᠨᠤᠭᠰᠠᠨ ᠨᠤᠶᠠᠨ ᠢ ᠵᠠᠨᠤᠵᠤ ᠰᠢᠯᠦᠭ᠌ ᠪᠢᠴᠢᠨ᠎ᠠ

ᠭᠦᠳᠡᠭᠡ ᠶᠢᠨ ᠰᠠᠢ᠌ᠬᠠᠨ ᠢ ᠳᠤᠷᠠᠰᠤᠨ ᠰᠠᠨᠠᠵᠤ

ᠭᠦᠪᠦᠷᠡᠭ᠍ᠰᠡᠨ ᠣᠯᠠᠨ ᠰᠢᠯᠦᠭ᠌ ᠪᠢᠴᠢᠨ᠎ᠠ

ᠭᠦᠳᠡᠯᠮᠦᠷᠢ ᠳᠠᠮᠠᠴᠠᠯ ᠶᠢᠡᠷ ᠠᠮᠢᠳᠤᠷᠠᠯ ᠶᠢᠡᠨ ᠪᠣᠯᠭᠠᠭᠰᠠᠨ

ᠭᠦᠮᠦᠰ ᠶᠢᠡᠨ ᠬᠠᠢ᠌ᠷᠠᠯᠠᠵᠤ ᠰᠢᠯᠦᠭ᠌ ᠪᠢᠴᠢᠨ᠎ᠠ

ᠡᠭᠡ ᠣᠷᠤᠨ ᠡᠵᠢ ᠠᠷᠠᠤᠨ ᠲᠦᠮᠡᠨ ᠳᠡᠭᠡᠨ ᠪᠢ ᠰᠢᠯᠦᠭ᠌ ᠪᠢᠴᠢᠨ᠎ᠠ

ᠡᠷᠢᠯᠭᠢᠯᠡᠭ᠍ᠰᠡᠨ ᠭᠦᠰᠡᠯ᠂ ᠡᠮᠵᠡᠭᠯᠡᠭ᠍ᠰᠡᠨ ᠰᠡᠳᠭᠢᠯ ᠶᠢᠡᠷ ᠰᠢᠯᠦᠭ᠌ ᠪᠢᠴᠢᠨ᠎ᠠ

ᠳᠠᠭᠠᠷᠢᠭᠳᠠᠭᠰᠠᠨ ᠭᠠᠭᠴᠠ ᠮᠤᠳᠤ᠂

ᠳᠠᠯᠭᠢᠭᠳᠠᠭᠰᠠᠨ ᠣᠢ ᠰᠢᠭᠤᠢ

ᠭᠠᠵᠠᠷᠯᠠᠭᠰᠠᠨ ᠠᠩ ᠭᠦᠷᠦᠭᠡᠰᠤ᠂

ᠭᠠᠮᠰᠢᠭᠳᠠᠭᠰᠠᠨ ᠪᠠᠢ᠌ᠭᠠᠯᠢ ᠶᠢᠨ ᠠᠶᠤᠯ

ᠡᠨᠡ ᠪᠦᠭᠦᠨ ᠤ ᠪᠠᠨ ᠡᠮᠦᠨ᠎ᠡ ᠡᠨᠡᠯᠤᠨ ᠰᠢᠨᠤᠯᠵᠤ ᠰᠠᠭᠤᠯ ᠥᠭᠡᠢ

ᠡᠯᠢᠭᠡ ᠪᠠᠨ ᠮᠡᠭ᠍ᠰᠢᠭᠡᠵᠤ ᠡᠩᠭᠡᠷ ᠶᠢᠡᠨ ᠳᠡᠪᠳᠦᠭᠡᠵᠤ

ᠣᠢ᠌ᠯᠠ ᠪᠠᠨ ᠪᠠᠷᠠᠵᠤ ᠨᠢᠭᠦᠯ ᠶᠢᠡᠨ ᠨᠢᠮᠭᠡᠯᠡᠵᠤ

ᠦᠷᠭᠦᠯᠵᠤ ᠣᠷᠮᠠᠰᠢᠵᠤ ᠦᠷᠭᠦᠯᠵᠤ ᠵᠤᠪᠠᠨᠢᠵᠤ

ᠰᠢᠯᠦᠭ᠌ ᠪᠢᠴᠢᠨ᠎ᠡ᠂ ᠰᠢᠯᠦᠭ᠌ ᠪᠢᠴᠢᠨ᠎ᠠ

ᠴᠠᠭᠠᠰᠤᠨ ᠳᠡᠭᠡᠷ᠎ᠡ ᠪᠢᠰᠢ ᠴᠢᠯᠠᠭᠤᠨ ᠳᠡᠭᠡᠷ᠎ᠡ ᠪᠢᠴᠢᠨ᠎ᠠ

ᠴᠠᠭᠯᠠᠰᠢ ᠦᠭᠡᠶ ᠮᠥᠩᠭᠡ ᠶᠢᠨ ᠠᠮᠢ ᠨᠠᠰᠤ ᠲᠡᠶ ᠰᠢᠯᠦᠭ᠌ ᠢ

ᠴᠠᠭ ᠢ ᠠᠮᠵᠢᠨ ᠵᠤᠭᠰᠤᠯᠳᠠ ᠦᠭᠡᠶ ᠪᠢᠴᠢᠨ᠎ᠠ᠃


ᠵᠤᠬᠢᠶᠠᠭᠴᠢ ᠶᠢᠨ ᠬᠠ‍‌ᠶᠢᠭ ᠄ ᠪᠣᠷᠤᠳᠠᠯ᠎ᠠ ᠵᠸᠤ ᠶᠢᠨ ᠰᠤᠶᠤᠯ ᠤᠨ ᠣᠷᠳᠤᠨ

ᠵᠤᠬᠢᠶᠠᠭᠴᠢ᠄ ᠰᠠ᠊·ᠣᠯᠠᠭᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2624
ᠴᠠᠭ᠄ 2011 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ