ᠨᠡᠪᠲᠡᠷᠡᠨ ᠤᠷᠤᠬᠤ
ᠠᠬᠤᠢ ᠠᠮᠢᠳᠤᠷᠠᠯ ᠤᠨ ᠣᠶᠠᠩᠭ᠋᠎ᠠ

ᠴᠤᠭᠤᠷᠬᠠᠢ ᠱᠠᠬᠠᠢ ᠲᠡᠶ ᠪᠠᠭᠰᠢ

ᠠᠩᠭᠢ ᠶᠢᠨ ᠭᠡᠷ ᠵᠥᠭ᠌ ᠶᠢᠡᠨ ᠠᠯᠬᠤᠯᠠᠨ᠎ᠠ

ᠴᠤᠭᠤᠷᠬᠠᠢ ᠱᠠᠬᠠᠢ ᠶᠢᠨ ᠣᠩᠭ᠋ᠤᠷᠬᠠᠢ ᠨᠥᠭᠡ ᠪᠠᠷ

ᠨᠢᠴᠦᠭᠦᠨ ᠠᠮᠢᠳᠤᠷᠠᠯ ᠨᠢ ᠬᠠᠷᠠᠭᠳᠠᠨ᠎ᠠ

ᠳᠠᠪᠠᠯ ᠨᠢ ᠳᠦᠴᠢᠨ ᠵᠤᠭᠤᠰ᠂ ᠦᠮᠦᠳᠦ ᠨᠢ ᠭᠤᠴᠢᠨ ᠳᠦᠭᠦᠷᠢᠭ᠌

ᠱᠠᠬᠠᠢ ᠨᠢ ᠦᠨ᠎ᠡ ᠭᠦᠷᠭᠦ ᠦᠭᠡᠶ

ᠳᠡᠭᠡᠳᠤ ᠨᠢ ᠳᠠᠷᠢᠶᠠᠴᠢᠨ᠂ ᠦᠪᠡᠷ ᠶᠢᠡᠨ ᠪᠠᠭᠰᠢ

ᠮᠦᠷ ᠨᠢ ᠭᠡᠷᠡᠯ ᠪᠠᠭᠤᠷᠠᠬᠤ ᠦᠭᠡᠶ

ᠴᠤᠩᠬᠤ ᠪᠠᠷ ᠬᠡᠦᠬᠡᠳ ᠤᠨ

ᠣᠩᠰᠢᠬᠤ ᠳᠠᠭᠤᠨ ᠰᠤᠨᠤᠰᠳᠠᠨ᠎ᠠ

ᠴᠤᠩᠬᠤ ᠭᠦᠰᠡᠯ ᠢᠷᠡᠭᠡᠳᠦᠢ ᠶᠢᠨ

ᠳᠠᠭᠤᠤ ᠬᠠᠩᠭᠢᠨᠠᠨ᠎ᠠ

ᠨᠠᠮᠤᠷ ᠤᠨ ᠨᠠᠪᠴᠢᠰ ᠭᠦᠯ ᠳᠤᠤᠷ᠎ᠠ ᠨᠢ ᠱᠠᠵᠢᠭᠢᠨᠠᠨ᠎ᠠ

ᠨᠠᠷᠠᠨ ᠤ ᠭᠡᠷᠡᠯ ᠭᠦᠷᠢᠶ᠎ᠡ ᠳᠦᠭᠦᠷᠡᠩ ᠠᠰᠬᠠᠨ᠎ᠠ

ᠰᠠᠷ᠎ᠠ ᠳᠤ ᠪᠠᠨ ᠢᠷᠡᠳᠡᠭ᠌ ᠦᠭᠡᠶ ᠴᠠᠯᠢᠩ ᠶᠢᠡᠨ ᠪᠣᠳᠤᠪᠠᠯ

ᠡᠨᠡ ᠵᠠᠮ ᠶᠢᠡᠷ ᠡᠪᠦᠯ ᠢᠰᠭᠡᠷᠦᠨ᠎ᠡ

ᠰᠠᠢ᠌ᠨ ᠰᠤᠷᠳᠠᠭ ᠨᠢᠭᠡ ᠶᠢ ᠪᠠᠨ ᠬᠠᠷᠠᠪᠠᠯ ᠳᠤᠰ ᠭᠦᠷᠢᠶ᠎ᠡ

ᠬᠠᠪᠣᠷ ᠰᠢᠭ ᠣᠶᠠᠩᠭ᠋ᠠᠷᠠᠨ᠎ᠠ

· · · · · · · · · · · · · · · · · · · · ·

· · · · · · · · · · · · · · · · · · · · ·

ᠨᠠᠷᠠᠨ ᠤ ᠭᠡᠷᠡᠯ ᠭᠦᠷᠢᠶ᠎ᠡ ᠳᠦᠭᠦᠷᠡᠩ ᠠᠰᠬᠠᠨ᠎ᠠ

ᠨᠠᠮᠤᠷ ᠤᠨ ᠨᠠᠪᠴᠢᠰ ᠭᠦᠯ ᠳᠤᠤᠷ᠎ᠠ ᠱᠠᠵᠢᠭᠢᠨᠠᠨ᠎ᠠ

ᠴᠤᠩᠬᠤ ᠪᠠᠷ ᠬᠡᠦᠬᠡᠳ ᠤᠨ ᠣᠩᠰᠢᠬᠤ ᠳᠠᠭᠤᠨ ᠳᠤᠭᠤᠯᠳᠤᠨ᠎ᠠ

ᠴᠤᠩᠬᠤ ᠪᠠᠷ ᠭᠦᠰᠡᠯ ᠢᠷᠡᠭᠡᠳᠦᠢ ᠶᠢᠡᠨ ᠳᠠᠭᠤᠨ ᠬᠠᠩᠭᠢᠨᠠᠨ᠎ᠠ᠃

ᠵᠤᠬᠢᠶᠠᠭᠴᠢ᠄ ᠬᠠ᠊·ᠳᠠᠷᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2966
ᠴᠠᠭ᠄ 2009 ᠤᠨ ᠤ 06 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ