ᠨᠡᠪᠲᠡᠷᠡᠨ ᠤᠷᠤᠬᠤ
ᠮᠦᠷ ᠤᠨ ᠪᠣᠷᠤᠭᠠᠨ

ᠥᠩᠭᠡ ᠢᠯᠭᠠᠷᠠᠭᠰᠠᠨ ᠰᠢᠭᠦᠷ ᠶᠢᠡᠨ ᠴᠢ ᠳᠡᠯᠭᠡᠭᠡᠳ

ᠥᠨᠦᠭᠡᠨ ᠡᠭᠢᠯᠡᠭ᠍ᠰᠡᠨ ᠪᠣᠷᠤᠭᠠᠨ ᠤ ᠳᠤᠮᠳᠠᠭᠤᠷ ᠨᠠᠰᠢ ᠨᠡᠭᠦᠨ᠎ᠡ᠂

ᠦᠪᠴᠢ ᠴᠡᠩᠭᠡᠷ ᠪᠠᠩᠵᠠᠯ ᠤᠨ ᠴᠢᠨᠢ ᠳᠡᠷᠪᠠᠯᠵᠡᠭᠦ ᠶᠢ ᠳᠠᠭᠠᠵᠤ

ᠦᠷᠪᠢᠰᠴᠤ ᠡᠭᠢᠯᠡᠭ᠍ᠰᠡᠨ ᠨᠢᠭᠡᠨ ᠣᠴᠢ ᠳᠦᠷᠡᠯᠵᠡᠵᠤ ᠡᠭᠢᠯᠡᠨ᠎ᠡ᠃

ᠪᠣᠷᠤᠭᠠᠨ ᠦᠭᠡᠶ ᠣᠯᠠᠷᠢᠯ ᠳᠤ ᠥᠭᠦᠰᠢᠷᠡᠵᠤ ᠶᠠᠪᠣᠭᠰᠠᠨ ᠭᠦᠰᠡᠯ

ᠪᠣᠳᠤᠯ ᠤᠨ ᠭᠦᠨ ᠳᠤ ᠠᠶᠠᠷᠬᠠᠨ ᠱᠠᠪᠰᠢᠭᠳᠠᠵᠤ ᠠᠮᠢᠯᠠᠬᠤ ᠳᠤ᠂

ᠪᠣᠯᠪᠠᠷᠠᠢ ᠴᠠᠭᠠᠨ ᠭᠡᠦᠭᠡᠨ ᠬᠠᠴᠠᠷ ᠳᠠᠭᠢ ᠳᠡᠭ᠍ᠵᠢᠨ ᠢᠨᠢᠶᠡᠮᠰᠦᠭᠯᠡᠯ

ᠪᠣᠯᠳᠠᠭ ᠰᠠᠨ ᠪᠣᠯ ᠳᠠᠭᠠᠵᠤ ᠭᠦᠶ‍ᠦᠭᠦ ᠰᠠᠨᠠᠭ᠎ᠠ ᠳᠦᠷᠦᠭᠦᠯᠦᠨ᠎ᠡ᠃

ᠪᠣᠷᠤᠭᠠᠨ ᠲᠡᠶ ᠬᠠᠮᠳᠤ ᠱᠠᠭᠢᠵᠤ ᠥᠩᠭᠡᠷᠡᠭ᠍ᠰᠡᠨ ᠪᠣᠳᠤᠯ

ᠪᠣᠷᠤᠭᠠᠨ ᠵᠤᠭᠰᠤᠬᠤ ᠪᠠᠷ ᠴᠠᠭᠠᠨ᠎ᠠ ᠡᠴᠡ ᠪᠠᠨ ᠡᠭᠢᠯᠡᠵᠤ ᠴᠡᠯᠮᠡᠭ᠍ᠰᠢᠯ᠎ᠡ᠂

ᠪᠣᠳᠤᠭᠰᠢᠨ ᠰᠡᠷᠪᠠᠯᠵᠡᠭᠦ ᠪᠣᠮᠠᠨ ᠣᠷᠭᠤᠮᠠᠯ ᠡᠴᠡ ᠢᠯᠭᠠᠭᠳᠠᠬᠤ ᠨᠢ

ᠪᠣᠳᠠᠯᠠᠵᠤ ᠠᠮᠵᠢᠭ᠎ᠠ ᠦᠭᠡᠶ ᠬᠤᠷᠤᠮᠬᠠᠨ᠎ᠠ ᠬᠤᠷᠪᠣᠢ᠌ᠴᠢᠬᠠᠯ᠎ᠠ᠃


ᠵᠤᠭᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 01 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ