ᠨᠡᠪᠲᠡᠷᠡᠨ ᠤᠷᠤᠬᠤ
ᠪᠣᠳᠤᠯ ᠳᠤ ᠡᠷᠢᠭ᠍ᠳᠡᠭᠦ ᠨᠠᠮᠤᠷ ᠤᠨ ᠪᠦᠷᠦᠢ

ᠠᠭᠠᠷ ᠤᠨ ᠳᠡᠷᠭᠡᠯ ᠨᠠᠷᠠ

ᠨᠢᠯᠪᠣᠰᠤᠨ ᠳᠤᠰᠤᠯ ᠢ ᠮᠢᠨᠢ ᠳᠠᠭᠤᠷᠢᠶᠠᠵᠤ

ᠠᠯᠤᠰ ᠠᠭᠤᠯᠠ ᠶᠢᠨ ᠠᠷᠤ ᠪᠠᠷ

ᠠᠭᠠᠵᠢᠭᠤᠬᠠᠨ ᠪᠦᠮᠪᠦᠷᠢᠵᠤ ᠣᠨᠠᠭᠰᠠᠨ

ᠳᠠᠷᠠ ᠨᠠᠮᠤᠷ ᠤᠨ ᠪᠦᠷᠦᠢ

ᠳᠠᠩᠳᠠᠨ ᠪᠣᠳᠤᠯ ᠳᠤ ᠡᠷᠢᠭ᠍ᠳᠡᠨ᠎ᠡ

ᠴᠡᠪᠠᠷᠭᠡᠨ ᠳᠦᠷᠦᠭ᠍ᠰᠡᠨ ᠦᠬᠢᠨ

ᠴᠡᠭᠡᠵᠢᠨ ᠳᠤ ᠮᠦᠰᠢᠶᠠᠵᠤ ᠳᠤᠳᠤᠷᠠᠨ᠎ᠠ


ᠳᠠᠷᠠ ᠨᠠᠮᠤᠷ ᠤᠨ ᠪᠦᠷᠦᠢ

ᠳᠡᠷᠭᠡᠯ ᠰᠠᠷᠠ ᠲᠡᠶ ᠪᠠᠢ᠌ᠭᠰᠠᠨ ᠶᠤᠮ

ᠳᠡᠭ᠍ᠵᠢᠨ ᠬᠤᠩᠭ᠋ᠤᠷ ᠦᠬᠢᠨ ᠳᠠᠢ

ᠳᠡᠭᠡᠵᠤ ᠨᠢᠭᠡ ᠪᠣᠯᠵᠤᠭᠰᠠᠨ ᠶᠤᠮ

ᠴᠡᠴᠡᠷᠯᠢᠭ᠌ ᠤᠨ ᠣᠷᠳᠤ ᠰᠠᠠᠳᠠᠯᠢ ᠳᠡᠭᠡᠷ᠎ᠡ

ᠵᠡᠷᠭᠡᠴᠡᠵᠤ ᠣᠳᠠᠭᠠᠨ ᠰᠠᠭᠤᠭᠰᠠᠨ ᠶᠤᠮ

ᠴᠡᠩᠭᠡᠷ ᠬᠠᠢ᠌ᠯᠠᠩ ᠪᠠᠩᠵᠠᠯ ᠨᠢ

ᠵᠢᠪᠠᠷ ᠲᠤ ᠳᠡᠷᠪᠠᠯᠵᠡᠭᠡᠳ ᠪᠠᠢ᠌ᠭᠰᠠᠨ ᠶᠤᠮ


ᠳᠤᠮᠪᠣᠢ᠌ᠵᠤ ᠬᠠᠷᠠᠭᠳᠠᠬᠤ ᠡᠩᠭᠡᠷ ᠨᠢ

ᠬᠠᠷᠠᠴᠠ ᠶᠢ ᠮᠢᠨᠢ ᠪᠣᠯᠢᠶᠠᠭᠠᠤᠨ ᠪᠠᠢ᠌ᠭᠰᠠᠨ ᠶᠤᠮ

ᠳᠤᠰᠤᠨ ᠤ ᠰᠠᠢ᠌ᠬᠠᠨ ᠦᠨᠦᠷ ᠨᠢ

ᠬᠠᠮᠠᠷ ᠲᠤ ᠮᠢᠨᠢ ᠠᠩᠭᠢᠯᠤᠭᠠᠤᠨ ᠪᠠᠢ᠌ᠭᠰᠠᠨ ᠶᠤᠮ

ᠳᠤᠷᠮᠤᠭᠤᠷ ᠬᠠᠷ᠎ᠠ ᠨᠢᠳᠤ ᠨᠢ

ᠰᠡᠳᠭᠢᠯ ᠢ ᠮᠢᠨᠢ ᠳᠠᠳᠠᠭᠠᠤᠨ ᠭᠦᠪᠪᠦᠯᠵᠡᠭᠦᠯᠦᠭ᠍ᠰᠡᠨ ᠶᠤᠮ

ᠳᠤᠮᠪᠣᠯᠵᠠᠭᠰᠠᠨ ᠭᠦᠭᠡᠷᠦᠭᠦᠨ ᠠᠭᠠᠰᠢ ᠨᠢ

ᠢᠳᠡᠭᠡᠯ ᠢ ᠮᠢᠨᠢ ᠳᠠᠯᠠᠯᠤᠭᠠᠤᠨ ᠳᠤᠭᠳᠤᠯᠤᠭᠤᠯᠤᠭᠰᠠᠨ ᠶᠤᠮ


ᠳᠤᠷᠴᠤ ᠳᠡᠭᠡᠭᠡᠭᠯᠡᠭ᠍ᠰᠡᠨ ᠥᠭᠡ ᠪᠠᠷ ᠶᠢᠡᠨ ᠪᠢ

ᠳᠤᠷᠠᠯᠠᠯ ᠶᠢᠡᠨ ᠵᠤᠷᠢᠭᠯᠠᠵᠤ ᠢᠯᠡᠳᠭᠡᠭ᠍ᠰᠡᠨ ᠶᠤᠮ

ᠬᠠᠯᠠᠭᠤᠨ ᠳᠤᠳᠤᠨᠤ ᠬᠠᠷᠠᠴᠠ ᠪᠠᠷ ᠶᠢᠡᠨ ᠴᠢ

ᠬᠠᠢ᠌ᠷ᠎ᠠ ᠪᠠᠨ ᠨᠠᠳᠠ ᠳᠤ ᠦᠭ‍ᠭᠦᠭ᠍ᠰᠡᠨ ᠶᠤᠮ

ᠰᠠᠢ᠌ᠬᠠᠨ ᠬᠤᠷᠸ᠎ᠠ ᠶᠢᠨ ᠥᠩᠭᠡ

ᠰᠠᠷᠠᠨ ᠤ ᠳᠤᠶᠠᠭᠠᠨ ᠳᠤ ᠣᠶᠠᠷᠠᠭᠰᠠᠨ ᠶᠤᠮ

ᠰᠠᠷᠠᠭᠤᠯ ᠠᠭᠤᠳᠠᠮ ᠳᠡᠯᠡᠭᠡᠢ

ᠰᠠᠨᠠᠭᠠᠨ ᠳᠤ ᠨᠢᠭᠡ ᠯᠠ ᠣᠶᠠᠩᠭ᠋ᠠᠷᠠᠭᠰᠠᠨ ᠶᠤᠮ


ᠭᠠᠷ ᠢ ᠴᠢᠨᠢ ᠭᠦᠩᠭᠡᠭᠡᠨ ᠠᠳᠬᠤᠬᠤ ᠳ᠋ᠤ

ᠳᠤᠷᠤᠭᠰᠢ ᠬᠠᠷᠠᠭᠠᠤᠨ ᠰᠢᠷᠪᠠᠭᠡᠳᠦᠭ᠍ᠰᠡᠨ ᠶᠤᠮ

ᠪᠠᠶ᠎ᠠ ᠶᠢ ᠴᠢᠨᠢ ᠴᠢᠩᠭ᠋ᠠᠬᠠᠨ ᠳᠡᠪᠠᠷᠢᠭᠦ ᠳ᠋ᠤ

ᠳᠤᠯᠤᠭᠠᠢ ᠪᠠᠨ ᠡᠯᠢᠭᠡᠨ ᠳᠤ ᠮᠢᠨᠢ ᠨᠠᠭᠠᠯᠳᠤᠭᠤᠯᠤᠭᠰᠠᠨ ᠶᠤᠮ

ᠣᠷᠤᠭᠤᠯ ᠢ ᠴᠢᠨᠢ ᠥᠭᠦᠭᠡᠷᠳᠤᠨ ᠥᠨᠦᠰᠭᠦ ᠳ᠋ᠤ

ᠨᠢᠳᠤ ᠪᠠᠨ ᠪᠦᠷ ᠠᠨᠢᠭᠰᠠᠨ ᠶᠤᠮ

ᠬᠤᠩᠭ᠋ᠤᠷ ᠨᠠᠮᠤᠷ ᠤᠨ ᠪᠦᠷᠦᠢ ᠳ᠋ᠤ

ᠬᠤᠶᠠᠭᠤᠯᠠ ᠪᠠᠨ ᠰᠢᠩᠭᠡᠵᠤ ᠠᠭᠤᠰᠤᠯᠴᠠᠭᠰᠠᠨ ᠶᠤᠮ


ᠳᠠᠷᠠ ᠨᠠᠮᠤᠷ ᠤᠨ ᠪᠦᠷᠦᠢ ᠵᠢᠨ

ᠳᠠᠢ᠌ᠮᠤ ᠨᠢᠭᠡᠨ ᠪᠣᠯᠵᠤᠭ᠎ᠠ

ᠳᠡᠷᠭᠡᠯᠰᠢᠵᠤ ᠳᠡᠢ᠌ᠯᠭᠦ ᠦᠭᠡᠶ ᠵᠡᠭᠦᠳᠤ ᠪᠠᠢ᠌ᠪᠠ

ᠳᠡᠩᠳᠡᠭᠦᠤ ᠬᠠᠢ᠌ᠷ᠎ᠠ ᠶᠢᠨ ᠮᠥᠷᠦᠭᠡᠳᠦᠯ ᠪᠠᠢ᠌ᠪᠠ

ᠳᠠᠷᠠ ᠨᠠᠮᠤᠷ ᠤᠨ ᠪᠦᠷᠦᠢ ᠵᠢᠨ

ᠳᠠᠢ᠌ᠮᠤ ᠨᠢᠭᠡ ᠦᠬᠢᠨ ᠮᠢᠨᠢ

ᠳᠠᠩᠴᠤ ᠬᠤᠯᠠ ᠶᠠᠪᠣᠴᠢᠬᠠᠭᠰᠠᠨ ᠶᠤᠮ

ᠳᠠᠭᠢᠵᠤ ᠶᠠᠷᠤ ᠢᠷᠡᠭ᠍ᠰᠡᠨ ᠦᠭᠡᠶ ᠶᠤᠮ


ᠣᠨ ᠤ ᠭᠦᠷᠳᠤ ᠡᠷᠭᠢᠵᠤ

ᠣᠯᠠᠨ ᠵᠢᠯ ᠥᠩᠭᠡᠷᠡᠪᠡ

ᠣᠢ ᠰᠠᠷᠠᠯ ᠤᠨ ᠵᠠᠢ ᠳ᠋ᠤ

ᠣᠯᠠᠷᠢᠯ ᠤᠨ ᠰᠢᠪᠠᠭᠤᠳ ᠪᠣᠴᠠᠪᠠ

ᠪᠣᠯᠪᠠᠷᠠᠢ ᠭᠦᠭᠡᠷᠦᠭᠦᠨ ᠦᠬᠢᠨ ᠳᠠᠢ

ᠪᠣᠯᠵᠤᠵᠤ ᠭᠠᠭᠴᠠᠬᠠᠨ ᠣᠴᠠᠷᠠᠭᠰᠠᠨ

ᠪᠣᠭᠤᠷᠤᠯ ᠨᠠᠮᠤᠷ ᠤᠨ ᠪᠦᠷᠦᠢ

ᠪᠣᠳᠤᠯ ᠳᠤ ᠳᠠᠩᠳᠠᠨ ᠡᠷᠢᠭ᠍ᠳᠡᠨ᠎ᠡ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 03 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ