ᠨᠡᠪᠲᠡᠷᠡᠨ ᠤᠷᠤᠬᠤ
ᠰᠢᠳᠢᠲᠦ ᠤᠰᠤ ᠊᠊᠊᠊᠊᠊᠊᠊᠊᠊᠊ ᠪᠠᠯᠪᠠᠴᠢ ᠶᠢᠨ ᠷᠠᠰᠢᠶᠠᠨ

ᠨᠢᠭᠡᠳᠦᠭᠡᠷ ᠪᠦᠯᠦᠭ᠌᠂ 《ᠪᠠᠯᠪᠠᠴᠢ》 ᠭᠡᠳᠡᠭ᠌ ᠨᠠᠷ᠎ᠠ ᠶᠢᠨ ᠢᠷᠠᠯᠳᠠ

(ᠳᠤᠳᠤᠷᠬᠠᠢ᠌ᠯᠠᠯ᠄ ᠳᠤᠰ ᠵᠤᠬᠢᠶᠠᠯ ᠪᠣᠯ ᠵᠤᠬᠢᠶᠠᠭᠴᠢ ᠡᠴᠠ ᠪᠠᠯᠪᠠᠴᠢ ᠶᠢᠨ ᠷᠠᠰᠢᠶᠠᠨ ᠳᠤ ᠳᠠᠪᠤᠨ ᠵᠢᠯ ᠬᠠᠢ᠌ᠯᠳᠠ ᠭᠢᠵᠤ᠂ ᠡᠷᠳᠡᠮᠳᠡᠨ ᠠᠭᠸᠠᠩᠳᠠᠮᠫᠢᠯ ᠪᠣᠯᠤᠨ ᠳ᠋ᠠᠭᠪᠠ ᠨᠡᠷ ᠤᠨ ᠰᠤᠳᠤᠯᠭᠠᠨ ᠶᠢᠡᠷ ᠭᠢᠨᠠᠯᠳᠠ ᠪᠣᠯᠭᠠᠨ᠂ ᠣᠯᠠᠭᠠᠠᠬᠠᠳᠠ ᠶᠢᠨ ᠠᠭᠤᠷᠬᠠᠢ ᠶᠢᠨ ᠳᠤᠪᠴᠢᠶᠠᠨ ᠤ ᠰᠢᠯᠭᠠᠬᠤ ᠳᠠᠰᠤᠭ ᠶᠢᠡᠷ ᠰᠢᠯᠭᠠᠭᠤᠯᠵᠤ ᠪᠠᠢ᠌ᠭᠠᠤᠨ ᠪᠢᠴᠢᠵᠤ ᠭᠠᠷᠭᠠᠭᠰᠠᠨ 《ᠰᠢᠳᠢᠳᠤ ᠣᠰᠤ ᠊᠊᠊᠊᠊᠊᠊᠊᠊᠊᠊᠊᠊᠊᠊ ᠪᠠᠯᠪᠠᠴᠢ ᠶᠢᠨ ᠷᠠᠰᠢᠶᠠᠨ》 ᠭᠡᠭᠦ ᠨᠤᠮ ᠤᠨ ᠳᠤᠳᠤᠷᠠᠭᠢ ᠭᠡᠳᠤᠨ ᠪᠦᠯᠦᠭ᠌ ᠨᠢ ᠪᠣᠯᠤᠨ᠎ᠠ᠃ ᠳᠤᠰ ᠨᠤᠮ ᠣᠳᠤ ᠪᠠᠯᠪᠠᠴᠢ ᠶᠢᠨ ᠷᠠᠰᠢᠶᠠᠨ ᠳᠡᠭᠡᠷ᠎ᠡ ᠬᠤᠳᠠᠯᠳᠤᠵᠤ ᠪᠣᠢ᠃)

ᠰᠢᠯᠢᠩᠬᠤᠳᠠ ᠡᠴᠠ ᠬᠣᠢ᠌ᠰᠢ ᠵᠠᠭᠤ ᠵᠢᠷᠠᠨ ᠳᠦᠷᠪᠡᠨ ᠭᠠᠵᠠᠷ ᠤᠨ ᠥᠵᠦᠭᠦᠷ᠂ ᠰᠡᠷᠭᠦᠯᠡᠩ ᠭᠠᠴᠠᠭᠠᠨ ᠤ ᠬᠠᠷᠢᠶᠠᠨ ᠳ᠋ᠠᠭᠢ ᠪᠠᠯᠪᠠᠴᠢ ᠠᠭᠤᠯᠠᠨ ᠤ ᠠᠷᠤ ᠴᠢᠮᠠᠷᠬᠠᠢ ᠪᠣᠯᠬᠤ ᠠᠶᠤᠤᠯᠢᠬᠠᠢ ᠶᠢᠨ ᠭᠤᠤ ᠭᠡᠭᠦ ᠭᠠᠵᠠᠷ ᠡᠴᠠ ᠨᠢᠭᠡᠨ ᠪᠣᠯᠠᠭ ᠵᠢᠯ ᠤᠨ ᠳᠦᠷᠪᠡᠨ ᠣᠯᠠᠷᠢᠯ ᠳᠤ ᠵᠤᠭᠰᠤᠯ ᠦᠭᠡᠶ ᠣᠷᠭᠢᠯᠵᠤ ᠪᠠᠢ᠌ᠳᠠᠭ᠃ ᠡᠨᠡ ᠣᠩᠬᠤᠷ ᠲᠤ ᠳᠠᠷᠠᠰᠤᠨ ᠪᠣᠳᠠ ᠵᠠᠯᠭᠠᠯᠳᠤᠨ ᠬᠠᠯᠢᠭᠤᠷᠠᠵᠤ ᠠᠭᠢ ᠳᠠᠭᠠᠨ᠎ᠠ ᠴᠡᠯᠭᠡᠷᠡᠭᠡᠤᠨ᠂ ᠬᠠᠷᠠᠭ᠎ᠠ ᠪᠠᠯᠴᠢᠭᠡᠨ ᠣᠮᠠᠷᠠᠰᠢ ᠪᠠᠷᠠᠭᠠᠯᠠᠬᠤᠶ᠎ᠠ ᠨᠢᠳᠤ ᠠᠯᠳᠠᠮ᠎ᠠ ᠣᠮᠠᠷᠠᠳᠤ ᠶᠢᠨ ᠳᠠᠯ᠎ᠠ ᠳᠡᠭ᠍ᠷᠢ ᠶᠢᠨ ᠭᠢᠵᠠᠭᠠᠷ ᠲᠡᠶ ᠵᠠᠯᠭᠠᠵᠤ᠂ ᠵᠤᠯᠠᠭᠰᠠᠨ ᠭᠦᠪᠦᠩ ᠠᠳᠠᠯᠢ ᠳᠠᠷᠭᠤᠨ ᠬᠤᠨᠢᠳ ᠳᠠᠯ᠎ᠠ ᠶᠢ ᠪᠦᠷᠭᠦᠨ ᠢᠳᠠᠰᠢᠯᠠᠨ᠎ᠡ᠃ ᠦᠳᠡᠰᠢ ᠶᠢᠨ ᠳᠤᠯᠤᠩ ᠡᠭᠦᠯᠡᠰ ᠤᠨ ᠰᠡᠵᠢᠭᠦᠷ ᠢ ᠰᠢᠳᠠᠭᠠᠵᠤ᠂ ᠣᠮᠠᠷᠠᠳᠤ ᠶᠢᠨ ᠳᠤᠰᠤᠨ ᠠᠭᠤᠷᠬᠠᠢ ᠶᠢᠨ ᠳ᠋ᠸᠩ ᠤᠨ ᠭᠡᠷᠡᠯ ᠰᠢᠯᠢ ᠶᠢᠨ ᠴᠠᠭᠠᠭᠤᠷ ᠳᠤᠯᠠᠯᠵᠠᠨ᠎ᠠ᠃ ᠪᠣᠯᠠᠭ ᠤᠨ ᠵᠡᠭᠦᠨ ᠳᠠᠠᠵᠢᠨ ᠳᠡᠭᠡᠭᠦᠷ ᠡᠩᠨᠡᠷᠡᠭᠦᠯᠤᠨ ᠪᠠᠷᠢᠭᠰᠠᠨ ᠰᠤᠪᠢᠯᠠᠯᠳᠠ ᠶᠢᠨ ᠭᠠᠵᠠᠷ ᠤᠨ ᠪᠠᠢ᠌ᠰᠢᠩ ᠤᠳ ᠵᠢᠭ᠍ᠳᠡᠷᠡᠵᠤ᠂ ᠬᠠᠵᠠᠭᠤ ᠬᠠᠪᠢᠷᠭ᠎ᠠ ᠪᠠᠷ ᠨᠢ ᠪᠣᠰᠬᠠᠭᠰᠠᠨ ᠳᠠᠨᠠᠨ ᠴᠠᠭᠠᠨ ᠭᠡᠷ ᠤᠳ ᠪᠣᠷᠤᠭᠠᠨ ᠲᠡᠶ ᠵᠢᠯ ᠤᠨ ᠦᠵᠦᠮᠤᠴᠢᠨ ᠴᠠᠭᠠᠨ ᠮᠥᠭᠦ ᠠᠳᠠᠯᠢ ᠴᠠᠢ᠌ᠯᠵᠠᠨ᠎ᠠ᠃ ᠡᠨᠡ ᠪᠣᠯ ᠲᠦᠷᠦ ᠳᠤ ᠳᠤᠷᠠᠰᠤᠯ ᠲᠡᠶ ᠲᠦᠮᠡᠨ ᠳᠤ ᠠᠯᠳᠠᠷᠳᠠᠢ ᠪᠠᠯᠪᠠᠴᠢ ᠶᠢᠨ ᠷᠠᠰᠢᠶᠠᠨ ᠪᠣᠯᠤᠨ᠎ᠠ᠃

ᠡᠷᠳᠡ ᠳᠡᠭᠡᠳᠤ ᠶᠢᠨ ᠦᠶ᠎ᠡ ᠳᠤ᠂ ᠡ᠊ᠨᠳᠡ ᠭᠦᠮᠤᠨ ᠤ ᠪᠠᠷ᠎ᠠ ᠬᠠᠷᠠᠭᠳᠠᠳᠠᠭ ᠦᠭᠡᠶ᠂ ᠵᠡᠭᠡᠷ᠎ᠡ ᠭᠦᠷᠦᠭᠡᠰᠤ ᠳᠤᠭᠯᠠᠯᠳᠤᠨ ᠵᠡᠷᠯᠢᠭ᠌ ᠠᠷᠢᠶᠠᠳᠠᠤᠨ ᠣᠷᠤᠩᠨᠠᠭᠰᠠᠨ ᠡᠵᠡᠭᠦᠢ ᠴᠦᠯ ᠪᠠᠢ᠌ᠭᠰᠠᠨ ᠶᠤᠮ᠃ ᠵᠡᠭᠦᠨ ᠳᠠᠠᠵᠢᠨ ᠤ ᠭᠢᠨᠢ ᠡᠪᠦᠳᠦᠭ᠌ ᠳᠠᠪᠠᠮ᠎ᠠ ᠰᠠᠬᠤᠯᠢᠭ ᠪᠠᠯᠴᠢᠭᠡᠷ ᠤᠨ ᠳᠤᠮᠳᠠᠭᠤᠷ ᠨᠢᠭᠡᠨ ᠵᠤᠷᠪᠣᠰ ᠬᠠᠰᠠᠭ ᠳᠡᠷᠭᠡᠨ ᠤ ᠮᠦᠷ ᠵᠤᠷᠠᠢ᠌ᠵᠤ᠂ ᠵᠡᠭᠦᠨ ᠦᠵᠦᠮᠤᠴᠢᠨ ᠤ ᠡᠵᠢ ᠨᠠᠭᠤᠷ ᠡᠴᠠ ᠳᠠᠪᠣᠰᠤ ᠵᠠᠯᠠᠬᠤ ᠠᠶᠠᠨ ᠤ ᠵᠢᠩ ᠡ᠊ᠨᠳᠡᠭᠦᠷ ᠵᠥᠩᠳᠡᠭᠡᠨ ᠥᠩᠭᠡᠷᠡᠳᠡᠭ᠌ ᠪᠠᠢ᠌ᠵᠠᠢ᠃

ᠨᠢᠭᠡᠨ ᠡᠳᠦᠷ᠂ ᠪᠣᠯᠠᠭ ᠤᠨ ᠵᠡᠭᠦᠨ ᠳᠠᠠᠵᠢᠨ ᠳᠡᠭᠡᠷ᠎ᠡ ᠨᠢᠭᠡᠨ ᠴᠤᠪᠣᠭ᠎ᠠ ᠭᠠᠯ ᠠᠶᠠᠨ ᠢᠷᠠᠵᠤ ᠪᠠᠭᠤᠳᠠᠯᠯᠠᠵᠠᠢ᠃ ᠭᠠᠯ ᠤᠨ ᠠᠬ᠎ᠠ ᠨᠢ ᠭᠠᠷᠴᠤ ᠢᠷᠡᠭᠦ ᠡᠴᠠ ᠡᠮᠤᠨ᠎ᠡ ᠠᠢ᠌ᠯ ᠤᠨ ᠬᠤᠷᠢᠮ ᠳᠤ ᠳᠦᠷᠦᠭᠦᠤ ᠬᠤᠳᠠ ᠪᠠᠷ ᠵᠠᠯᠠᠭᠳᠠᠵᠤ᠂ ᠭᠡᠳᠤᠨ ᠡᠳᠦᠷ ᠠᠷᠢᠭᠢᠨ ᠪᠣᠳᠤᠩ ᠲᠡᠶ ᠡᠷ᠎ᠡ ᠴᠢᠳᠠᠯ ᠶᠢᠡᠨ ᠰᠢᠯᠭᠠᠭᠰᠠᠨ ᠶᠢᠡᠷ ᠪᠣᠷᠤ ᠰᠢᠷ᠎ᠠ ᠶᠢᠨ ᠭᠡᠮ ᠠᠬᠠᠳᠠᠵᠤ᠂ ᠵᠠᠮ ᠳᠤᠷᠰᠢ ᠣᠭᠰᠢᠭᠤᠯᠵᠤ ᠪᠦᠭᠡᠯᠵᠢᠭᠡᠤᠨ ᠢᠷᠠᠵᠠᠢ᠃ ᠭᠠᠯ ᠤᠨ ᠳᠡᠭᠦᠤ ᠶᠢᠨ ᠶᠢᠡᠨ ᠠᠪᠴᠢᠷᠠᠭᠰᠠᠨ ᠪᠣᠯᠠᠭ ᠤᠨ ᠣᠰᠤ ᠡᠴᠠ ᠬᠤᠶᠠᠷ ᠠᠶᠠᠭ᠎ᠠ ᠣᠤᠭᠤᠭᠰᠠᠨ ᠳᠤ ᠭᠡᠳᠤ ᠭᠡᠭᠡᠷᠡᠭᠦᠯᠵᠤ ᠠᠪᠣᠭᠠᠤᠨ ᠳᠤᠳᠤᠷ᠎ᠠ ᠨᠢ ᠨᠠᠯᠢᠶᠠᠤᠨ ᠠᠮᠤᠷᠵᠢᠭᠠᠤᠨ ᠶᠠᠪᠣᠴᠢᠬᠠᠵᠠᠢ᠃ ᠳᠡᠭᠡᠭᠡᠤᠨ ᠭᠠᠯ ᠤᠨ ᠳᠡᠭᠦᠤ ᠳᠡᠭᠡᠨ᠄

《ᠣᠳᠤ ᠵᠢᠭᠠᠬᠠᠨ ᠶᠠᠭᠤᠮ᠎ᠠ ᠢᠳᠠᠵᠤ ᠣᠷᠤᠬᠤ ᠨᠢ ᠪᠣᠯᠤᠯᠳᠠᠢ᠂ ᠴᠢ ᠨᠠᠷᠢᠮᠤ ᠶᠢᠨ ᠪᠣᠳᠠᠭᠠᠨ ᠭᠠᠮᠫᠠᠨ ᠶᠢᠡᠨ ᠠᠮᠳᠠᠳᠠᠢ ᠰᠢᠭ ᠴᠢᠨᠠᠵᠤ᠂ ᠵᠠᠮ ᠤᠨ ᠠᠢ᠌ᠯ ᠡᠴᠠ ᠣᠯᠤᠭᠰᠠᠨ ᠵᠥᠭᠡᠭᠡᠢ ᠪᠠᠷ ᠠᠭᠠᠭ ᠲᠡᠶ ᠴᠠᠢ ᠰᠥᠯᠡᠭᠡᠤᠨ ᠢᠷ᠎ᠠ︕》 ᠭᠡᠵᠤ ᠵᠠᠭᠢᠵᠠᠢ᠃ ᠭᠡᠳᠡᠯ᠎ᠡ ᠦᠨᠦ ᠪᠣᠯᠠᠭ ᠤᠨ ᠣᠰᠤ ᠪᠠᠷ ᠴᠢᠨᠠᠭᠰᠠᠨ ᠪᠣᠳᠠᠭ᠎ᠠ ᠨᠢ ᠠᠷᠰᠠᠢ᠌ᠵᠤ ᠪᠣᠷᠰᠣᠢ᠌ᠭᠠᠤᠨ ᠢᠳᠡᠭᠦ ᠶᠢᠨ ᠠᠷᠭ᠎ᠠ ᠦᠭᠡᠶ ᠪᠣᠯᠤᠭᠰᠠᠨ ᠶᠢᠡᠷ ᠪᠠᠷᠠᠬᠤ ᠦᠭᠡᠶ᠂ ᠴᠠᠢ ᠶᠢᠨ ᠭᠢᠨᠢ ᠠᠮᠳᠠ ᠨᠢ ᠬᠤᠪᠢᠷᠠᠭᠠᠤᠨ ᠰᠥᠯᠡᠭ᠍ᠰᠡᠨ ᠵᠥᠭᠡᠭᠡᠢ ᠨᠢ ᠡᠭᠡᠳᠡᠭᠡᠤᠨ ᠶᠠᠪᠣᠴᠢᠬᠠᠵᠠᠢ᠃ ᠭᠠᠯ ᠤᠨ ᠠᠬ᠎ᠠ ᠳᠡᠰᠭᠡᠯ ᠦᠭᠡᠶ ᠶᠡᠭᠡ ᠠᠭᠤᠷᠯᠠᠵᠤ ᠄

《ᠳᠠᠨᠤᠰ ᠴᠢᠨᠢ ᠶᠠᠪᠣᠬᠤ ᠳᠤᠳᠤᠮ ᠬᠤᠭᠤᠯᠠ ᠴᠠᠢ ᠪᠠᠨ ᠴᠤ ᠵᠥᠭ᠌ ᠲᠡᠶ ᠭᠢᠵᠤ ᠴᠢᠳᠠᠬᠤ ᠦᠭᠡᠶ ᠶᠠᠭᠠᠭᠢᠭᠰᠠᠨ ᠵᠥᠨᠦᠴᠢᠭ᠍ᠰᠡᠨ ᠠᠮᠢᠳᠠᠤᠨ ᠪᠣᠢ︕》 ᠭᠡᠵᠤ ᠨᠢᠭᠡ ᠣᠷᠤᠢ ᠬᠠᠷᠢᠶᠠᠯ ᠳᠠᠯᠪᠢᠵᠠᠢ᠃ ᠳᠡᠭᠡᠯ᠎ᠡ ᠴᠤ ᠠᠶᠠᠨ ᠤ ᠭᠦᠨᠡᠰᠤ ᠭᠡᠮᠵᠢᠶᠡᠳᠡᠢ ᠳᠤᠯᠠ ᠬᠠᠮᠠᠷ ᠶᠢᠡᠨ ᠴᠢᠮᠭᠢᠯᠠᠨ ᠬᠠᠷ᠎ᠠ ᠠᠯᠪᠠ ᠪᠠᠷ ᠳᠤᠳᠤᠭᠰᠢ ᠵᠠᠯᠭᠢᠯᠠᠬᠤ ᠯᠠ ᠭᠡᠷᠡᠭ᠌᠃

ᠰᠦᠨᠢ ᠳᠦᠯᠢ ᠪᠣᠯᠵᠤ ᠠᠮᠢᠳᠠᠨ ᠭᠤᠤᠯᠳᠠᠨ ᠭᠦᠯ ᠬᠤᠷᠢᠶᠠᠭᠰᠠᠨ ᠦᠶ᠎ᠡ ᠳᠤ᠂ ᠪᠠᠷᠠᠭᠤᠨ ᠣᠩᠬᠤᠷ ᠲᠤ 《ᠳᠦᠱ︕ ᠬᠤᠸᠠᠷᠳ᠋》 ᠭᠡᠭᠦ ᠶᠠᠭᠤᠮ᠎ᠠ ᠪᠠᠯᠪᠠᠴᠢᠬᠤ ᠳᠠᠭᠤ ᠭᠠᠷᠤᠭᠠᠤᠨ ᠪᠠᠢ᠌ᠬᠤᠯᠠᠷ ᠭᠠᠯ ᠤᠨ ᠠᠬ᠎ᠠ ᠰᠤᠴᠢᠨ ᠰᠡᠷᠢᠭᠡᠤᠨ ᠴᠢᠩᠨᠠᠵᠤ ᠥᠵᠡᠭᠦ ᠳᠤ᠂ ᠶᠠᠭ ᠯᠠ ᠨᠢᠭᠡ ᠬᠤᠯᠠᠭᠠᠢ᠌ᠴᠢ ᠢᠷᠡᠭᠡᠤᠨ ᠪᠠᠭᠠᠵᠢ ᠭᠡᠷᠡᠭ᠍ᠰᠡᠯ ᠭᠢᠳᠡᠭ᠌ ᠮᠤᠳᠤᠨ ᠳᠠᠪᠰᠠᠭ ᠢ ᠨᠢ ᠬᠤᠯᠠᠭᠠᠢ᠌ᠯᠠᠵᠤ ᠠᠪᠠᠴᠢᠭᠠᠤᠨ ᠬᠠᠭᠠᠯᠤᠨ ᠭᠡᠮᠭᠡᠴᠢᠵᠤ ᠪᠠᠢ᠌ᠬᠤ ᠰᠢᠭ᠃ ᠠᠷᠢᠭᠢᠨ ᠪᠣᠷᠤ ᠳᠤ ᠰᠢᠨᠤᠯᠵᠤ ᠠᠤᠨ ᠲᠡᠶ ᠬᠤᠭᠤᠯᠠᠨ ᠳᠤ ᠣᠴᠠᠭᠠᠷᠯᠠᠵᠤ ᠪᠠᠢ᠌ᠭᠰᠠᠨ ᠭᠠᠯ ᠤᠨ ᠠᠬ᠎ᠠ ᠶᠢᠨ ᠠᠭᠤᠷ ᠣᠮᠤᠭ ᠊ᠭ᠍ᠱᠡᠨ ᠵᠠᠭᠤᠷ᠎ᠠ ᠦᠷᠪᠢᠰᠴᠤ᠂ ᠮᠠᠢ᠌ᠬᠠᠨ ᠡᠴᠠ ᠪᠠᠨ ᠰᠡᠮᠡᠭᠡᠷ ᠮᠥᠯᠭᠦᠵᠤ ᠭᠠᠷᠤᠭᠠᠤᠨ ᠬᠠᠰᠠᠭ ᠳᠡᠷᠭᠡᠨ ᠤ ᠬᠠᠰᠢᠶᠠᠯᠠᠪᠴᠢ ᠶᠢ ᠰᠤᠭᠤᠯᠤᠨ ᠠᠪᠴᠤ ᠭᠦᠩᠭᠡᠨ ᠭᠦᠩᠭᠡᠨ ᠠᠯᠬᠤᠯᠠᠨ ᠪᠠᠷᠠᠭᠤᠨ ᠣᠩᠬᠤᠷ ᠲᠤ ᠭᠦᠷᠦᠭᠡᠤᠨ ᠣᠴᠢᠬᠤ ᠳᠤ᠂ ᠣᠩᠬᠤᠷ ᠤᠨ ᠲᠦᠪ ᠲᠤ ᠠᠷᠪᠠᠭᠠᠤᠨ ᠪᠣᠯᠠᠭ ᠮᠠᠯᠮᠠᠯᠵᠠᠵᠤ ᠪᠠᠢ᠌ᠭᠰᠠᠨ ᠪᠦᠭᠡᠤᠨ᠂ ᠭᠤᠤᠯ ᠳᠤᠮᠳᠠᠭᠢ ᠨᠢᠭᠡᠨ ᠪᠣᠯᠠᠭ ᠨᠢ ᠭᠡᠨᠡᠳᠲᠡ 《ᠳᠦᠱ︕》 ᠭᠡᠰᠡᠨ ᠶᠡᠭᠡ ᠳᠠᠭᠤ ᠭᠠᠷᠴᠤ᠂ ᠪᠦᠳᠦᠭᠦᠨ ᠠᠶᠠᠭᠠᠨ ᠭᠢᠷᠢ ᠣᠰᠤᠨ ᠪᠠᠭᠠᠨ᠎ᠠ ᠭᠦᠮᠤᠨ ᠴᠢᠨᠡᠭᠡ ᠣᠢ᠌ᠯᠤᠨ ᠪᠣᠰᠤᠭᠠᠤᠨ 《ᠱᠤᠸᠠᠷᠳ᠋︕》 ᠭᠢᠯᠭᠡᠨ ᠪᠠᠭᠤᠵᠤ ᠪᠠᠢ᠌ᠭ᠎ᠠ ᠶᠤᠮ ᠪᠠᠢ᠌ᠨ᠎ᠠ᠃ ᠪᠦᠳᠡᠭᠡᠢ᠌ᠪᠳᠦᠷ ᠰᠠᠷᠠᠨ ᠤ ᠭᠡᠷᠡᠯ ᠳᠤ ᠴᠠᠢ᠌ᠯᠵᠠᠬᠤ ᠪᠣᠯᠠᠭ ᠤᠨ ᠣᠰᠤᠨ ᠤ ᠭᠠᠢ᠌ᠬᠠᠮᠰᠢᠭ ᠢ ᠰᠤᠨᠢᠷᠬᠠᠭᠰᠠᠨ ᠭᠠᠯ ᠤᠨ ᠠᠬ᠎ᠠ᠂ ᠴᠢᠯ ᠭᠦᠢᠳᠡᠨ ᠪᠣᠯᠠᠭ ᠤᠨ ᠣᠰᠤ ᠡᠴᠠ ᠭᠡᠳᠤ ᠪᠢᠳᠡᠭᠦᠯᠤᠨ ᠣᠭᠤᠴᠢᠬᠤ ᠳᠤ ᠪᠠᠷᠢᠨ ᠳᠤᠤᠷ᠎ᠠ ᠪᠠᠨ ᠭᠡᠭᠡᠷᠡᠭᠦᠯᠵᠤ ᠬᠤᠳᠤᠭᠠᠳᠤ ᠭᠡᠳᠡᠰᠤ ᠨᠢ ᠨᠢᠭᠡᠯᠡ ᠳᠤᠤᠷ᠎ᠠ ᠣᠩᠭ᠋ᠣᠢ᠌ᠭᠠᠤᠨ ᠶᠠᠪᠣᠴᠢᠬᠠᠵᠠᠢ᠃ ᠮᠠᠷᠭᠠᠰᠢ ᠥᠷᠯᠦᠭᠡ ᠨᠢ ᠪᠣᠯᠬᠤ ᠳᠤ ᠭᠠᠯ ᠤᠨ ᠠᠬ᠎ᠠ ᠶᠢᠨ ᠰᠢᠷ᠎ᠠ ᠪᠣᠷᠤ ᠪᠦᠷᠢᠨ ᠡᠳᠡᠭᠡᠷᠡᠭ᠍ᠰᠡᠨ ᠪᠠᠢ᠌ᠪᠠ᠃ ᠪᠠᠶ᠎ᠠ ᠨᠢ ᠳᠡᠩᠭᠡᠵᠤ ᠰᠠᠤᠠᠭᠢᠯ ᠨᠢ ᠠᠭᠤᠵᠢᠷᠠᠭᠰᠠᠨ ᠭᠠᠯ ᠤᠨ ᠠᠬ᠎ᠠ ᠥᠪᠠᠷᠳᠡᠭᠡᠨ ᠭᠠᠷ ᠭᠦᠳᠡᠯᠤᠨ ᠭᠠᠯ ᠳᠤᠯᠭ᠎ᠠ ᠭᠦᠭ᠍ᠵᠢᠭᠡᠵᠤ᠂ ᠰᠢᠨ᠎ᠡ ᠠᠪᠴᠢᠷᠠᠭᠰᠠᠨ ᠪᠣᠯᠠᠭ ᠤᠨ ᠣᠰᠤ ᠪᠠᠷ ᠬᠤᠭᠤᠯᠠ ᠴᠠᠢ ᠴᠢᠨᠠᠭᠠᠤᠨ ᠮᠦᠨ ᠪᠦᠳᠦᠭ᠍ᠰᠡᠨ ᠦᠭᠡᠶ ᠳᠤᠯᠠ ᠭᠠᠯ ᠤᠨ ᠳᠡᠭᠦᠤ ᠪᠠᠨ ᠭᠢᠯᠢᠰᠳᠡᠭᠦᠯᠦᠭ᠍ᠰᠡᠨ ᠶᠢᠡᠨ ᠣᠯᠵᠤ ᠮᠠᠳᠠᠪᠠ᠃ ᠣᠤᠯ ᠨᠢ ᠪᠣᠯᠠᠭ ᠤᠨ ᠣᠰᠤ ᠶᠢ ᠭᠦᠢᠳᠡᠨ ᠶᠢᠡᠷ ᠣᠤᠭᠤᠬᠤ ᠳᠤ ᠠᠷᠬᠠᠭ ᠭᠡᠮ ᠢ ᠠᠷᠢᠯᠭᠠᠳᠠᠭ ᠪᠣᠯᠪᠠᠴᠤ ᠬᠤᠭᠤᠯᠠ ᠴᠠᠢ ᠴᠢᠨᠠᠵᠤ ᠪᠣᠯᠳᠠᠭ ᠦᠭᠡᠶ ᠪᠠᠢ᠌ᠵᠠᠢ᠃

ᠡᠨᠡ ᠴᠠᠭ ᠡᠴᠠ ᠬᠣᠢ᠌ᠰᠢ ᠭᠦᠮᠦᠰ ᠪᠠᠯᠪᠠᠴᠢ ᠶᠢᠨ ᠷᠠᠰᠢᠶᠠᠨ ᠢ ᠳᠠᠨᠢᠵᠤ ᠡᠭᠢᠯᠡᠭ᠍ᠰᠡᠨ ᠪᠦᠭᠡᠤᠨ ᠪᠠᠯᠪᠠᠴᠢ ᠶᠢᠨ ᠷᠠᠰᠢᠶᠠᠨ ᠤ ᠳᠤᠬᠠᠢ ᠣᠯᠠᠨ ᠠᠷᠪᠢᠨ ᠰᠢᠳᠢᠳᠤ ᠳᠤᠮᠤᠭ ᠵᠤᠬᠢᠶᠠᠭᠳᠠᠨ ᠳᠡᠯᠭᠡᠷᠡᠭ᠍ᠰᠡᠨ ᠪᠠᠢ᠌ᠵᠠᠢ᠃ ᠡᠭᠦᠨ ᠡᠴᠠ ᠨᠢᠭᠡ ᠶᠢ ᠰᠡᠢ᠌ᠷᠡᠭᠦᠯᠪᠠᠯ ᠄

ᠨᠢᠭᠡᠨ ᠡᠳᠦᠷ᠂ ᠬᠠᠭᠠᠨ ᠬᠤᠷᠮᠤᠰᠳᠠ ᠭᠦᠡᠳᠤ ᠡᠪᠠᠦᠡᠴᠢᠯᠡᠭᠡᠤᠨ ᠡᠯ᠎ᠡ ᠵᠥᠭ᠌ ᠤᠨ ᠬᠤᠪᠢᠯᠭᠠᠨ ᠰᠠᠭᠢᠭᠤᠯᠰᠤᠨ ᠣᠷ᠎ᠠ ᠡᠷᠳᠡᠮ ᠶᠢᠡᠨ ᠭᠠᠷᠭᠠᠵᠤ ᠡᠮᠨᠡᠭ᠍ᠰᠡᠨ ᠪᠣᠯᠪᠠᠴᠤ ᠳᠤᠰᠠ ᠪᠣᠯᠬᠤ ᠦᠭᠡᠶ ᠭᠠᠴᠢᠭᠳᠠᠭᠤᠯᠵᠤ ᠪᠠᠢ᠌ᠬᠤ ᠳᠤ᠂ ᠭᠡᠨᠡᠳᠲᠡ ᠡᠮᠦᠨᠡᠳᠤ ᠳᠠᠯᠠᠢ ᠶᠢᠨ ᠬᠤᠮᠰᠢᠮ ᠪᠣᠳᠢᠰᠳ᠋ᠸ᠎ᠠ ᠶᠢ ᠰᠠᠨᠠᠵᠤ ᠣᠯᠤᠭᠠᠤᠨ ᠳᠠᠭᠤᠳᠠᠭᠤᠯᠵᠠᠢ᠃ ᠬᠤᠮᠰᠢᠮ ᠪᠣᠳᠢᠰᠳᠠᠸ᠎ᠠ ᠳᠤᠷᠤᠨ᠎ᠠ ᠳᠠᠯᠠᠢ ᠶᠢᠨ ᠫᠧᠩᠯᠠᠢ ᠣᠯᠳᠤᠷᠢᠭ ᠡᠴᠠ ᠪᠢᠯᠢᠭ᠍ᠳᠤ ᠳᠠᠯᠳᠠᠤ ᠳᠡᠭᠦᠵᠤ᠂ ᠶᠡᠭᠡ ᠭᠢᠩᠭ᠋ᠠᠨ ᠳᠠᠪᠠᠭᠠᠨ ᠤ ᠭᠦᠮᠤᠨ ᠣᠷᠬᠤᠳᠠᠢ ᠶᠢ ᠮᠠᠯᠳᠠᠭᠠᠤᠨ᠂ ᠲᠦᠪᠡᠳ ᠤᠨ ᠥᠡᠳᠦᠷᠯᠢᠭ᠌ ᠡᠴᠠ ᠬᠠᠴ ᠭᠦᠷᠭᠦᠮ ᠣᠯᠵᠤ ᠢᠷᠡᠭᠡᠤᠨ ᠪᠠᠯᠪᠠᠴᠢ ᠠᠭᠤᠯᠠᠨ ᠤ ᠨᠠᠪᠳᠠᠭ ᠰᠠᠪᠳᠠᠭ ᠪᠣᠯᠬᠤ ᠬᠠᠷ᠎ᠠ ᠴᠠᠭᠠᠨ ᠮᠤᠭᠠᠢ ᠶᠢ ᠳᠠᠭᠤᠳᠠᠵᠤ᠂ ᠣᠭᠤᠷ ᠮᠠᠠᠴᠤ ᠪᠠᠷᠢᠭᠤᠯᠤᠨ ᠡᠮ ᠨᠥᠳᠦᠭᠦᠯᠵᠡᠢ᠃ ᠰᠢᠳᠢᠳᠤ ᠡᠮ ᠭᠠᠭᠴᠠᠬᠠᠨ ᠲᠦᠩ ᠨᠢ ᠳᠤᠰᠠ ᠪᠣᠯᠵᠤ ᠬᠠᠭᠠᠨ ᠬᠤᠷᠮᠤᠰᠳᠠ ᠶᠢ ᠡᠳᠡᠭᠡᠷᠡᠭᠦᠯᠦᠭ᠍ᠰᠡᠨ ᠪᠣᠯᠪᠠᠴᠤ 《ᠢᠯᠡᠭᠦᠭᠡᠨ ᠰᠢᠭ᠌ ᠨᠠᠢ᠌ᠷᠠᠵᠤ ᠠᠪᠣᠶ᠎ᠠ︕》 ᠭᠡᠵᠤ ᠵᠠᠷᠯᠢᠭ ᠪᠣᠯᠤᠭᠰᠠᠨ ᠶᠢᠡᠷ᠂ ᠡᠨᠡ ᠭᠠᠵᠠᠷ ᠡᠳᠦᠷ ᠰᠦᠨᠢ ᠦᠭᠡᠶ 《ᠳᠦᠱ᠂ ᠳᠦᠱ》 ᠭᠢᠯᠭᠡᠭ᠍ᠰᠡᠨ ᠡᠮ ᠨᠥᠳᠦᠭᠦ ᠴᠢᠮᠡᠭᠡ ᠳᠠᠰᠤᠷᠠᠬᠤ ᠦᠭᠡᠶ ᠳᠤᠭᠤᠯᠳᠠᠬᠤ ᠪᠣᠯᠪᠠ᠃ ᠨᠥᠳᠦᠭ᠍ᠰᠡᠭᠡᠷ ᠪᠠᠢ᠌ᠵᠤ ᠭᠠᠵᠠᠷ ᠳᠤᠤᠷᠠᠭᠢ ᠣᠰᠤᠨ ᠰᠤᠳᠠᠯ ᠴᠤᠭᠤᠷᠠᠭᠠᠤᠨ ᠠᠷᠪᠠᠨ ᠭᠡᠳᠤᠨ ᠪᠣᠯᠠᠭ ᠣᠠᠳᠤᠷᠤᠨ ᠭᠠᠷᠴᠠᠢ᠃ ᠨᠠᠢ᠌ᠷᠠᠭᠰᠠᠨ ᠡᠮ ᠶᠢᠡᠨ ᠪᠠᠭᠯᠠᠬᠤ ᠳᠠᠭᠠᠨ ᠭᠢᠴᠢᠶᠠᠮᠵᠢ ᠦᠭᠡᠶ ᠪᠠᠷ ᠪᠣᠯᠠᠭ ᠲᠤ ᠵᠢᠭᠠᠬᠠᠨ ᠠᠰᠬᠠᠭᠰᠠᠨ ᠶᠢᠡᠷ᠂ ᠡᠨᠡ ᠪᠣᠯᠠᠭ ᠨᠢ ᠳᠤᠤᠷ᠎ᠠ ᠪᠠᠨ ᠷᠢᠳᠢ ᠰᠢᠳᠢ ᠲᠡᠶ ᠪᠣᠯᠵᠤ᠂ ᠵᠣᠢ᠌ᠯ ᠤᠨ ᠡᠪᠠᠦᠡᠴᠢᠨ ᠢ ᠠᠨᠠᠭᠠᠬᠤ ᠣᠪᠢᠳᠠᠰ ᠲᠡᠶ ᠪᠣᠯᠤᠭᠰᠠᠨ ᠭᠡᠨ᠎ᠡ᠃

ᠶᠠᠭᠤ ᠭᠡᠰᠡᠨ ᠴᠤ 《ᠪᠠᠯᠪᠠᠴᠢ》 ᠭᠡᠰᠡᠨ ᠨᠠᠷ᠎ᠠ ᠪᠣᠯ ᠳᠤᠰ ᠪᠣᠯᠠᠭ ᠤᠨ ᠪᠠᠯᠪᠠᠬᠤ ᠠᠳᠠᠯᠢ ᠴᠢᠮᠡᠭᠡ ᠶᠢ ᠦᠨᠳᠦᠰᠦᠯᠠᠨ ᠨᠡᠷᠡᠯᠡᠭ᠍ᠳᠡᠭ᠍ᠰᠡᠨ ᠨᠢ ᠨᠤᠳᠠᠳᠠᠢ ᠪᠦᠭᠡᠤᠨ᠂ ᠡᠮᠦᠨᠡᠭᠢ ᠨᠠᠮᠬᠠᠨ ᠳᠤᠪᠣᠷᠬᠠᠭ ᠴᠤ 《ᠪᠠᠯᠪᠠᠴᠢ ᠠᠭᠤᠯᠠ》 ᠭᠡᠵᠤ ᠨᠡᠷᠡᠯᠡᠭ᠍ᠳᠡᠵᠤ᠂ ᠣᠮᠠᠷᠠᠳᠤ ᠶᠢᠨ ᠨᠡᠭᠦᠳᠡᠯᠴᠢᠨ ᠤ ᠡᠷᠡᠭᠦᠯ ᠡᠩᠭᠡ ᠶᠢᠨ ᠭᠡᠢ᠌ᠮᠦᠷᠢ ᠶᠢ ᠬᠤᠷᠠᠢ᠌ᠯᠠᠭᠰᠠᠨ 《ᠪᠠᠯᠪᠠᠴᠢ ᠶᠢᠨ ᠷᠠᠰᠢᠶᠠᠨ》 ᠭᠡᠵᠤ ᠨᠡᠷᠡᠯᠡᠭ᠍ᠳᠡᠭᠡᠤᠨ ᠣᠵᠢᠭ ᠭᠡᠮ ᠣᠭᠤᠴᠢᠬᠤ ᠬᠤᠭᠤᠯᠠᠢ ᠲᠡᠶ ᠪᠣᠯᠭᠠᠨ ᠤ ᠭᠦᠰᠡᠯᠡᠩ ᠤᠨ ᠣᠷᠤᠨ ᠪᠣᠯᠤᠭᠰᠠᠠᠨ ᠪᠠᠢ᠌ᠨ᠎ᠠ᠃

ᠬᠤᠶᠠᠳᠤᠭᠠᠷ ᠪᠦᠯᠦᠭ᠌᠂ 《ᠪᠠᠯᠪᠠᠴᠢ ᠶᠢᠨ ᠷᠠᠰᠢᠶᠠᠨ》 ᠊ᠤ ᠪᠠᠷᠠᠭᠠᠨ ᠵᠡᠭᠦᠳᠤ

ᠪᠠᠯᠪᠠᠴᠢ ᠶᠢᠨ ᠷᠠᠰᠢᠶᠠᠨ ᠨᠢ ᠠᠩᠬ᠎ᠠ ᠡᠭᠢᠯᠡᠭᠡᠤᠨ ᠥᠰᠦᠭ᠌ ᠪᠢᠴᠢᠭ᠌ ᠤᠨ ᠳᠡᠮᠳᠡᠭᠯᠡᠯ ᠲᠡᠶ ᠪᠣᠯᠤᠭᠰᠠᠨ ᠨᠢ ᠴᠢᠩ ᠣᠯᠤᠰ ᠤᠨ ᠡᠶᠡᠪᠠᠷ ᠵᠠᠰᠠᠭᠴᠢ ᠶᠢᠨ ᠠᠷᠪᠠᠨ ᠭᠤᠷᠪᠠᠳᠤᠭᠠᠷ ᠣᠨ (1656) ᠡᠴᠠ ᠡᠭᠢᠯᠡᠵᠡᠢ᠃ ᠳᠤᠬᠠᠢ ᠶᠢᠨ ᠦᠶ᠎ᠡ ᠶᠢᠨ ᠡᠮᠨᠡᠯᠭᠡ ᠶᠢᠨ ᠲᠦᠪᠰᠢᠨ ᠪᠠ ᠳᠠᠨᠢᠯᠳᠠ ᠭᠢᠵᠠᠭᠠᠷ ᠲᠡᠶ ᠡᠴᠠ ᠪᠣᠯᠵᠤ᠂ ᠴᠥᠭᠡᠨ ᠭᠡᠳᠤᠨ ᠡᠮᠴᠢᠯᠭᠡᠨ ᠤ ᠣᠢ᠌ᠯᠠᠳᠤᠯ ᠢ ᠣᠯᠵᠤ ᠮᠡᠳᠡᠭ᠍ᠰᠡᠨ ᠡᠴᠠ ᠪᠢᠰᠢ᠂ ᠷᠠᠰᠢᠶᠠᠨ ᠣᠰᠤᠨ ᠤ ᠨᠠᠢ᠌ᠷᠠᠯᠭ᠎ᠠ ᠪᠦᠷᠢᠯᠳᠦᠭᠦᠨ ᠪᠣᠯᠤᠨ ᠷᠢᠳᠢ ᠰᠢᠳᠢ ᠶᠢ ᠪᠦᠷᠢᠨ ᠣᠯᠵᠤ ᠳᠠᠨᠢᠭᠠᠳᠤᠢ ᠪᠠᠢ᠌ᠵᠠᠢ᠃ ᠳᠠᠢ᠌ᠮᠤ ᠪᠠᠢ᠌ᠳᠠᠯ᠎ᠠ ᠪᠠᠨ ᠮᠤᠩᠭ᠋ᠤᠯ ᠤᠨ ᠥᠡᠳᠦᠷᠯᠢᠭ᠌ ᠳᠡᠭᠡᠷ᠎ᠡ ᠠᠮᠢᠨ ᠳᠡᠵᠢᠭᠡᠯᠳᠤ ᠷᠠᠰᠢᠶᠠᠨ ᠮᠡᠡᠳᠦᠯᠡᠭ᠍ᠰᠡᠨ ᠴᠢᠮᠡᠭᠡ ᠮᠤᠳᠤᠨ ᠣᠯᠠᠭ᠎ᠠ ᠲᠡᠶ ᠳᠦᠷᠪᠡᠨ ᠵᠥᠭ᠌ ᠲᠤ ᠣᠯᠠᠮᠵᠢᠯᠠᠭᠳᠠᠵᠤ᠂ ᠡᠪᠠᠦᠡᠴᠢᠨ ᠠᠷᠬᠠᠭ ᠲᠤ ᠣᠷᠢᠶᠠᠭᠳᠠᠭᠰᠠᠨ ᠮᠠᠯᠴᠢᠨ ᠥᠳᠡᠭᠦᠰ ᠬᠤᠨᠢᠴᠢᠨ ᠰᠠᠮᠠᠭᠠᠤᠨ ᠭᠦᠤ ᠪᠠᠨ ᠭᠦᠳᠦᠯᠤᠨ ᠦᠬᠢᠨ ᠶᠢᠡᠨ ᠳᠠᠭᠠᠭᠤᠯᠵᠤ ᠢᠷᠡᠭᠡᠤᠨ ᠷᠠᠰᠢᠶᠠᠨ ᠡᠴᠠ ᠭᠦᠷᠳᠡᠵᠤ᠂ ᠡᠪᠠᠦᠡᠴᠢᠨ ᠤ ᠠᠤᠨ ᠡᠴᠠ ᠰᠠᠯᠤᠭᠠᠤᠨ ᠣᠭᠢᠯᠠᠵᠤ ᠢᠷᠡᠭᠡᠤᠨ ᠳᠠᠭᠤᠯᠠᠵᠤ ᠪᠣᠴᠠᠬᠤ ᠪᠣᠯᠪᠠ᠃

ᠢᠩᠭᠢᠭᠡᠤᠨ ᠵᠠᠭᠤ ᠢᠯᠡᠭᠦᠤ ᠵᠢᠯ ᠥᠩᠭᠡᠷᠡᠵᠤ᠂ ᠴᠢᠩ ᠣᠯᠤᠰ ᠤᠨ ᠳᠡᠭ᠍ᠷᠢ ᠳᠡᠳᠭᠦᠭ᠍ᠴᠢ ᠬᠠᠭᠠᠨ ᠤ ᠡᠭᠢᠨ ᠤ ᠣᠨ ᠪᠣᠯᠵᠤ ᠢᠷᠡᠭᠦ ᠳᠤ᠂ ᠠᠯᠳᠠᠷᠳᠤ ᠯᠠᠮᠠᠬᠠᠢ ᠠᠭᠸᠠᠩᠳᠠᠮᠫᠢᠯ ᠭᠦᠦᠰᠢ ᠡᠴᠠ ᠪᠠᠯᠪᠠᠴᠢ ᠶᠢᠨ ᠷᠠᠰᠢᠶᠠᠨ ᠳᠤ ᠨᠠᠷᠢᠨ ᠨᠢᠮᠪᠠᠢ ᠰᠤᠳᠤᠯᠤᠯᠳᠠ ᠭᠢᠵᠤ᠂ ᠳᠤᠳᠤᠷ ᠳᠠᠪᠤᠨ ᠴᠤᠯᠤ ᠶᠢᠨ ᠡᠪᠠᠦᠡᠴᠢᠨ ᠪᠠ ᠭᠠᠳᠠᠷ ᠰᠠᠯᠠᠭᠠᠨ ᠤ ᠠᠷᠬᠠᠭ ᠲᠡᠶ ᠨᠡᠢ᠌ᠯᠡᠭᠦᠯᠦᠭᠡᠤᠨ ᠳᠦᠷᠪᠡᠨ ᠵᠠᠭᠤ ᠳᠦᠷᠪᠡᠨ ᠲᠦᠷᠦᠯ ᠤᠨ ᠡᠪᠠᠦᠡᠴᠢᠨ ᠳᠤ ᠳᠤᠰᠠᠯᠠᠬᠤ ᠶᠢ ᠪᠠᠳᠤᠯᠠᠭᠠᠤᠨ 《ᠪᠠᠯᠪᠠᠴᠢ ᠶᠢᠨ ᠷᠠᠰᠢᠶᠠᠨ ᠤ ᠰᠠᠩ ᠤᠨ ᠰᠤᠳᠤᠷ》 ᠭᠡᠭᠦ ᠨᠠᠷᠠᠳᠤ ᠪᠦᠳᠦᠭᠡᠯ ᠶᠢᠡᠨ ᠳᠤᠭᠤᠷᠪᠢᠵᠠᠢ᠃ ᠢᠩᠭᠢᠭᠡᠤᠨ ᠪᠠᠯᠪᠠᠴᠢ ᠶᠢᠨ ᠷᠠᠰᠢᠶᠠᠨ ᠨᠢ 《ᠴᠠᠭᠠᠰᠤᠨ ᠳᠡᠭᠡᠷ᠎ᠡ ᠣᠷᠤᠮ ᠲᠡᠶ》 ᠪᠣᠯᠵᠤ᠂ ᠳᠡᠦᠭᠡᠨ ᠳᠡᠮᠳᠡᠭᠯᠡᠯ ᠳᠤ ᠭᠠᠷᠤᠭᠠᠤᠨ ᠲᠦᠮᠡᠨ ᠠᠷᠠᠤᠨ ᠶᠢᠡᠨ ᠳᠤᠰᠠᠯᠠᠬᠤ ᠪᠣᠯᠵᠠᠢ᠃ ᠳᠡᠭᠡᠪᠠᠴᠤ ᠣᠯᠠᠩᠭᠢ ᠡᠷᠳᠡᠮᠳᠡᠳ ᠤᠨ ᠥᠵᠡᠭᠦ ᠪᠠᠷ᠂ ᠮᠤᠩᠭ᠋ᠤᠯᠴᠤᠳ ᠪᠠᠯᠪᠠᠴᠢ ᠶᠢᠨ ᠷᠠᠰᠢᠶᠠᠨ ᠢ ᠳᠠᠨᠢᠵᠤ ᠠᠰᠢᠭᠯᠠᠭᠰᠠᠨ ᠳᠡᠦᠭᠡ ᠯᠠᠪᠳᠠᠢ ᠣᠬᠤᠷᠬᠠᠨ ᠳᠦᠷᠪᠡᠨ ᠵᠠᠭᠤᠨ ᠣᠨ ᠪᠢᠰᠢ᠂ ᠬᠠᠷᠢᠨ ᠨᠠᠩ ᠳᠡᠭᠡᠳᠤ ᠦᠶ᠎ᠡ ᠡᠴᠠ ᠡᠭᠢᠯᠡᠭ᠍ᠰᠡᠨ ᠪᠠᠢ᠌ᠬᠤ ᠶᠤᠰᠤᠳᠠᠢ ᠭᠡᠵᠤ ᠦᠵᠡᠵᠤ ᠪᠣᠢ ᠪᠣᠯᠪᠠᠴᠤ ᠨᠤᠳᠠᠳᠠᠢ ᠥᠰᠦᠭ᠌ ᠪᠢᠴᠢᠭ᠌ ᠤᠨ ᠪᠠᠷᠢᠮᠳᠠ ᠣᠯᠤᠭᠠᠳᠤᠢ ᠪᠠᠢ᠌ᠭᠰᠠᠭᠠᠷ᠃

1954 ᠣᠨ ᠳᠤ᠂ ᠠᠷᠤ ᠬᠤᠷᠴᠢᠨ ᠨᠤᠳᠤᠭ ᠲᠡᠶ ᠯᠠᠮ᠎ᠠ ᠡᠮᠴᠢ ᠳ᠋ᠠᠭᠪᠠ ᠮᠠᠮ᠎ᠠ᠂ ᠪᠠᠯᠪᠠᠴᠢ ᠶᠢᠨ ᠷᠠᠰᠢᠶᠠᠨ ᠳᠡᠭᠡᠷ᠎ᠡ ᠡᠮ ᠪᠠᠷᠢᠵᠤ ᠡᠯᠢᠭᠡᠨ ᠡᠪᠠᠦᠡᠴᠢᠨ᠂ ᠪᠣᠷᠤ ᠰᠢᠷ᠎ᠠ ᠶᠢᠨ ᠡᠪᠠᠦᠡᠴᠢᠨ᠂ ᠬᠠᠨᠢᠶᠠᠳᠤ ᠳᠠᠭᠰᠢᠭᠤᠷ ᠲᠤ ᠵᠠᠰᠠᠯᠭ᠎ᠠ ᠭᠢᠭ᠍ᠰᠡᠨ ᠶᠢᠡᠷ ᠡ᠊ᠨᠳᠡ ᠢᠷᠠᠵᠤ ᠰᠤᠪᠢᠯᠠᠬᠤ ᠭᠦᠮᠤᠨ ᠣᠯᠠᠰᠢᠷᠠᠭᠰᠠᠨ ᠪᠠᠢ᠌ᠨ᠎ᠠ᠃ 1958 ᠣᠨ ᠳᠤ᠂ ᠨᠢᠭᠡ ᠪᠦᠯᠦᠭ᠌ ᠳᠠᠷᠢᠶᠠᠴᠢ ᠢᠷᠭᠡᠤᠨ ᠪᠠᠯᠪᠠᠴᠢ ᠶᠢᠨ ᠷᠠᠰᠢᠶᠠᠨ ᠳᠡᠭᠡᠷ᠎ᠡ ᠢᠷᠡᠭᠡᠤᠨ᠂ ᠪᠣᠯᠠᠭ ᠤᠨ ᠳᠤᠤᠷ᠎ᠠ ᠣᠷᠤᠰᠬᠠᠯ ᠳᠤ ᠶᠡᠭᠡ ᠭᠡᠮᠵᠢᠶᠡᠨ ᠤ ᠠᠳᠠᠷ ᠬᠠᠭᠠᠯᠪᠣᠷᠢᠯᠠᠵᠤ᠂ ᠵᠡᠭᠦᠨ ᠳᠠᠠᠵᠢᠨ ᠳᠡᠭᠡᠷ᠎ᠡ ᠨᠢ ᠠᠷᠪᠠᠨ ᠳᠠᠰᠤᠯᠭ᠎ᠠ ᠰᠢᠪᠠᠷ ᠪᠠᠢ᠌ᠰᠢᠩ ᠪᠠᠷᠢᠭᠠᠤᠨ ᠣᠷᠳᠤ ᠣᠳᠠᠭᠠᠨ ᠣᠷᠤᠩᠨᠠᠬᠤ ᠪᠡᠯᠡᠳᠭᠡᠯ ᠶᠢᠡᠨ ᠭᠢᠭ᠍ᠰᠡᠨ ᠠᠵᠢ᠃ ᠳᠡᠭᠡᠭᠦ ᠳᠡᠭᠡᠨ ᠪᠠᠯᠪᠠᠴᠢ ᠶᠢᠨ ᠷᠠᠰᠢᠶᠠᠨ ᠢ ᠳᠤᠭᠤᠭᠰᠢ ᠮᠠᠯᠳᠠᠨ ᠶᠡᠭᠡ ᠣᠰᠤ ᠣᠷᠭᠢᠯᠤᠭᠤᠯᠵᠤ ᠳᠠᠷᠢᠶ᠎ᠠ ᠣᠰᠤᠯᠠᠬᠤ ᠪᠠᠷ ᠳᠠᠮᠠᠢ᠌ᠷᠠᠵᠤ᠂ ᠪᠣᠯᠠᠭ ᠤᠨ ᠭᠤᠤᠯ ᠶᠢᠡᠷ ᠳᠤᠭᠤᠭᠰᠢ ᠴᠤᠭᠤᠯᠠᠬᠤ ᠳᠤᠳᠤᠮ ᠭᠠᠷᠬᠤ ᠣᠰᠤᠨ ᠤ ᠭᠡᠮᠵᠢᠶ᠎ᠡ ᠬᠠᠰᠤᠭᠳᠠᠭᠰᠠᠭᠠᠷ ᠰᠤᠬᠤᠷᠠᠬᠤ ᠭᠡᠮᠵᠢᠶᠡᠨ ᠳᠤ ᠭᠦᠷᠴᠡᠢ᠃ ᠭᠡᠳᠡᠯ᠎ᠡ ᠷᠠᠰᠢᠶᠠᠨ ᠪᠣᠯ ᠬᠠᠰᠢᠯᠠ ᠷᠠᠰᠢᠶᠠᠨ᠂ ᠪᠣᠰᠤᠳ ᠪᠣᠯᠠᠭ ᠱᠠᠩᠳᠠ ᠲᠡᠶ ᠠᠳᠠᠯᠢ ᠦᠭᠡᠶ᠂ ᠬᠤᠷᠮᠤᠰᠳᠠ ᠳᠡᠭ᠍ᠷᠢ ᠡᠴᠠ ᠭᠡᠳᠦᠢ ᠭᠡᠮᠵᠢᠶ᠎ᠡ ᠪᠠᠷ ᠭᠦᠷᠳᠡᠭᠡᠭ᠍ᠰᠡᠨ ᠪᠣᠯ ᠳᠠᠳᠤᠢ ᠭᠡᠮᠵᠢᠶ᠎ᠡ ᠪᠠᠷ ᠣᠠᠳᠤᠷᠠᠳᠠᠭ ᠳᠤᠯᠠ ᠳᠡᠳᠡᠭᠡᠷ ᠪᠠᠯᠠᠢ ᠠᠮᠢᠳᠠᠨ ᠤ ᠭᠦᠰᠡᠯ ᠨᠢ ᠬᠤᠭᠤᠰᠤᠳᠠᠭᠠᠤᠨ ᠬᠤᠷᠤ ᠨᠢ ᠪᠣᠴᠠᠯᠵᠤ᠂ ᠳᠤᠮᠤ ᠴᠢᠯᠠᠭᠤ ᠠᠪᠴᠢᠷᠠᠭᠠᠤᠨ ᠪᠣᠯᠠᠭ ᠢ ᠳᠠᠷᠤᠵᠤ ᠣᠷᠭᠢᠭᠰᠠᠨ ᠪᠢᠯᠠ᠃ ᠳᠠᠷᠠᠭ᠎ᠠ ᠵᠢᠯ ᠨᠢ ᠵᠡᠭᠦᠨ ᠦᠵᠦᠮᠤᠴᠢᠨ ᠤ ᠠᠯᠳᠠᠠᠭᠢᠯᠢ ᠶᠢᠨ ᠮᠠᠯᠴᠢᠨ ᠭᠡᠦᠭᠡᠡᠯᠡᠮ᠎ᠡ ᠭᠤᠸᠠᠢ ᠬᠤᠶᠠᠷ ᠵᠢᠯ ᠳᠠᠷᠠᠭᠠᠯᠠᠨ ᠢᠷᠠᠵᠤ᠂ ᠰᠢᠠᠳᠠᠷᠠᠰᠢ ᠦᠭᠡᠶ ᠵᠤᠷᠢᠭ ᠶᠢᠡᠷ ᠣᠬᠤᠵᠤ ᠮᠠᠯᠳᠠᠭᠰᠠᠨ ᠤ ᠠᠴᠢ ᠪᠠᠷ ᠡᠵᠡᠨ ᠬᠤᠷᠮᠤᠰᠳᠠ ᠳᠤᠭᠳᠤᠯᠵᠤ ᠡᠷᠳᠡᠨᠢ ᠶᠢᠨ ᠷᠠᠰᠢᠶᠠᠨ ᠶᠢᠡᠨ ᠳᠠᠭᠢᠭᠠᠤᠨ ᠣᠠᠳᠤᠷᠭᠤᠯᠤᠭᠰᠠᠨ ᠪᠠᠢ᠌ᠯ᠎ᠠ᠃ ᠪᠠᠯᠪᠠᠴᠢ ᠶᠢᠨ ᠷᠠᠰᠢᠶᠠᠨ ᠨᠢ ᠠᠭᠤᠯᠠᠨ ᠤ ᠠᠷᠤ ᠬᠠᠵᠠᠭᠤ ᠳᠡᠭᠡᠷ᠎ᠡ ᠪᠠᠢ᠌ᠷᠢᠯᠠᠵᠤ᠂ ᠡᠪᠦᠯ ᠤᠨ ᠬᠠᠭᠢᠷ ᠰᠢᠭᠤᠷᠭ᠎ᠠ ᠬᠠᠷ᠎ᠠ ᠵᠤᠳ ᠭᠡᠴᠡᠭᠦᠤ ᠪᠠᠢ᠌ᠳᠠᠭ ᠤᠨ ᠳᠡᠭᠡᠷ᠎ᠡ᠂ ᠭᠦᠷᠦᠰᠤ ᠰᠢᠷᠤᠢ ᠨᠢ ᠭᠠᠯᠳᠤ ᠠᠭᠤᠯᠠᠨ ᠤ ᠰᠥᠷᠴᠢᠭ᠍ᠳᠡᠮᠡᠯ ᠪᠣᠳᠠᠰ ᠶᠢᠡᠷ ᠪᠦᠷᠢᠯᠳᠦᠭ᠍ᠰᠡᠨ ᠳᠤᠯᠠ ᠳᠠᠴᠢᠷ ᠬᠠᠳᠠᠭᠤ ᠪᠠᠢ᠌ᠵᠤ᠂ ᠣᠢ᠌ᠷ᠎ᠠ ᠬᠠᠪᠢ ᠳ᠋ᠤᠨᠢ ᠬᠤᠤᠠᠳᠤᠭ ᠮᠠᠯᠳᠠᠬᠤ ᠪᠦᠷᠢ ᠷᠠᠰᠢᠶᠠᠨ ᠤ ᠪᠦᠷᠢᠯᠳᠦᠭᠦᠨ ᠪᠠᠢ᠌ᠵᠤ ᠣᠰᠤ ᠨᠢ ᠢᠳᠠᠵᠤ ᠪᠣᠯᠬᠤ ᠦᠭᠡᠶ ᠡᠴᠠ ᠡᠨᠡ ᠪᠦᠯᠦᠭ᠌ ᠢᠷᠭᠡᠤᠨ ᠠᠷᠭ᠎ᠠ ᠦᠭᠡᠶ ᠨᠡᠭᠦᠵᠤ ᠶᠠᠪᠣᠵᠠᠢ᠃ ᠡᠭᠦᠨ ᠳᠤ ᠳ᠋ᠠᠭᠪᠠ ᠡᠮᠴᠢ ᠳᠠᠳᠠᠨ ᠤ ᠠᠷᠪᠠᠨ ᠳᠠᠰᠤᠯᠭ᠎ᠠ ᠪᠠᠢ᠌ᠰᠢᠩ ᠢ ᠬᠤᠳᠠᠯᠳᠤᠵᠤ ᠠᠪᠣᠭᠠᠤᠨ ᠬᠠᠮᠤᠭ ᠠᠩᠬᠠᠨ ᠤ ᠷᠠᠰᠢᠶᠠᠨ ᠰᠤᠪᠢᠯᠠᠯᠳᠠ ᠶᠢᠨ ᠭᠠᠵᠠᠷ ᠢ ᠭᠠᠷᠭᠠᠭᠰᠠᠨ ᠶᠢᠡᠷ᠂ ᠭᠦᠡᠳᠡᠯᠡᠨ ᠬᠤᠰᠢᠭᠤᠨ ᠤ ᠷᠠᠰᠢᠶᠠᠯᠠᠭᠴᠢᠳ ᠣᠷᠤᠨ ᠰᠠᠭᠤᠴᠠ ᠲᠡᠶ ᠪᠣᠯᠵᠤ᠂ ᠳ᠋ᠠᠭᠪᠠ ᠡᠮᠴᠢ ᠶᠢᠨ ᠵᠠᠰᠠᠯᠭ᠎ᠠ ᠳᠤᠳᠤᠮᠳᠤᠯᠭ᠎ᠠ ᠪᠠᠷ ᠡᠷᠡᠭᠦᠯ ᠡᠩᠭᠡ ᠶᠢᠨ ᠵᠢᠯᠤᠭᠤ ᠰᠤᠩᠭ᠋ᠠᠬᠤ ᠪᠣᠯᠤᠯ᠎ᠠ᠃

ᠠᠷᠪᠠᠭᠠᠤᠨ ᠵᠢᠯ ᠥᠩᠭᠡᠷᠡᠵᠤ᠂ 1967 ᠣᠨ ᠪᠣᠯᠬᠤ ᠳᠤ 《ᠰᠤᠶᠤᠯ ᠤᠨ ᠬᠤᠪᠢᠰᠬᠠᠯ》 ᠤᠨ ᠭᠠᠯᠵᠠᠭᠤ ᠰᠢᠭᠤᠷᠭ᠎ᠠ ᠪᠠᠯᠪᠠᠴᠢ ᠶᠢ ᠳᠠᠭᠠᠷᠢᠵᠤ᠂ ᠲᠦᠷᠦ ᠪᠠᠷᠢᠭᠴᠢᠳ ᠡᠴᠠ 《ᠪᠠᠯᠪᠠᠴᠢ ᠳᠤ ᠳᠠᠩᠳᠠ ᠯᠠ ᠮᠤᠩᠭ᠋ᠤᠯᠴᠤᠳ ᠴᠤᠭᠯᠠᠷᠠᠭᠠᠤᠨ ᠪᠠᠢ᠌ᠳᠠᠭ ᠨᠢ ᠣᠷᠪᠠᠯᠭ᠎ᠠ ᠭᠠᠷᠭᠠᠬᠤ ᠪᠠᠷ ᠬᠤᠤᠪᠢᠯᠳᠤᠵᠤ ᠪᠠᠢ᠌ᠨ᠎ᠠ ᠦᠦ ︖》 ᠭᠡᠵᠤ ᠬᠠᠷᠠᠳᠠᠭᠠᠤᠨ᠂ ᠪᠣᠯᠠᠭ ᠢ ᠳᠤᠭᠤᠷᠢᠭᠤᠯᠤᠨ ᠰᠠᠷᠠᠯᠵᠢᠨ ᠳᠤᠤᠷ ᠳᠠᠳᠠᠭᠠᠤᠨ ᠴᠡᠷᠢᠭ᠌ ᠣᠷᠤᠭᠤᠯᠤᠨ ᠰᠠᠭᠢᠭᠤᠯᠤᠭᠰᠠᠨ ᠪᠦᠭᠡᠤᠨ᠂ ᠷᠠᠰᠢᠶᠠᠯᠠᠬᠤ ᠪᠠᠷ ᠢᠷᠡᠭ᠍ᠰᠡᠳ ᠢ ᠪᠠᠷᠢᠵᠤ ᠭᠦᠯᠢᠭᠡᠤᠨ ᠬᠠᠳᠠᠭᠤ ᠪᠠᠷ ᠰᠢᠭᠦᠳᠡᠭ᠌ ᠪᠣᠯᠵᠠᠢ᠃ ᠢᠩᠭᠢᠵᠤ ᠨᠢᠭᠡ ᠬᠤᠭᠤᠴᠠᠭ᠎ᠠ ᠰᠠᠭᠢᠵᠤ ᠰᠠᠭᠤᠭᠠᠤᠨ 《ᠡᠪᠠᠰᠤ ᠶᠢ ᠨᠠᠮᠠᠭ᠎ᠠ ᠶᠢ ᠨᠢ ᠬᠠᠢ᠌ᠴᠢᠯᠠᠬᠤ ᠶᠢᠨ ᠣᠷᠤᠨ ᠳᠤ ᠦᠨᠳᠦᠰᠦ ᠶᠢ ᠨᠢ ᠳᠠᠰᠤᠯᠪᠠᠯ ᠰᠠ‍‌ᠶᠢ ᠳᠣᠢ᠌ᠯᠪᠣᠷᠢᠳᠠᠢ ᠰᠢ᠌ᠤᠠᠪᠣᠷᠢᠯᠠᠨ᠎ᠠ》 ᠭᠡᠵᠤ ᠪᠣᠳᠤᠭᠰᠠᠨ ᠪᠣᠯᠤᠯᠳᠠᠢ᠂ ᠴᠡᠷᠢᠭ᠌ ᠶᠢᠡᠨ ᠵᠠᠷᠯᠢᠭᠳᠠᠨ ᠪᠠᠯᠪᠠᠴᠢ ᠶᠢᠨ ᠷᠠᠰᠢᠶᠠᠨ ᠢ ᠳᠠᠯᠪᠠᠴᠢᠨ ᠬᠠᠶᠠᠬᠤ ᠰᠢ᠌ᠤᠠᠪᠣᠷᠢ ᠭᠠᠷᠭᠠᠭᠰᠠᠨ ᠪᠠᠢ᠌ᠨ᠎ᠠ᠃ ᠴᠡᠷᠢᠭ᠌ ᠤᠳ ᠷᠠᠰᠢᠶᠠᠨ ᠪᠣᠯᠠᠭ ᠢ ᠳᠤᠭᠤᠭᠰᠢ ᠭᠦᠡᠳᠡᠢ᠌ᠯᠡᠨ ᠮᠠᠯᠳᠠᠵᠤ ᠣᠰᠤᠨ ᠮᠢᠨ᠎ᠠ ᠣᠭᠰᠤᠷᠠᠨ ᠭᠠᠭᠴᠠᠬᠠᠨ ᠳᠠᠯᠪᠠᠴᠢᠵᠤ ᠬᠠᠶᠠᠭᠠᠤᠨ ᠵᠤᠭᠰᠤᠭᠰᠠᠨ ᠦᠭᠡᠶ᠂ ᠠᠢ᠌ᠯ ᠤᠨ ᠭᠠᠳᠠᠨᠠᠭᠢ ᠦᠨᠡᠰᠤ ᠬᠤᠭ ᠢ ᠳᠡᠭᠡᠭᠡᠵᠤ ᠠᠪᠠᠴᠢᠭᠠᠤᠨ ᠪᠣᠯᠠᠭ ᠢ ᠳᠠᠷᠤᠵᠤ ᠣᠷᠭᠢᠭᠠᠤᠨ ᠰᠠ‍‌ᠶᠢ ᠰᠠᠨᠠᠭ᠎ᠠ ᠠᠮᠠᠷᠠᠭᠠᠤᠨ ᠢᠷᠡᠭ᠍ᠰᠡᠨ ᠮᠦᠷ ᠶᠢᠡᠷ ᠶᠢᠡᠨ ᠠᠷᠢᠯᠤᠭᠰᠠᠨ ᠠᠵᠢ᠃ ᠢᠩᠭᠢᠭᠡᠤᠨ ᠪᠠᠯᠪᠠᠴᠢ ᠶᠢᠨ ᠷᠠᠰᠢᠶᠠᠨ ᠳᠠᠭ ᠰᠤᠬᠤᠷᠠᠭᠠᠤᠨ ᠭᠤᠷᠪᠠᠨ ᠵᠢᠯ ᠤᠨ ᠨᠢᠭᠤᠷ ᠶᠢᠡᠨ ᠥᠵᠡᠭ᠍ᠰᠡᠨ ᠪᠢᠯᠠ᠃

ᠳᠠᠯᠠᠭᠠᠤᠨ ᠣᠨ ᠤ ᠡᠭᠢᠨ ᠳᠤ᠂ ᠳ᠋ᠠᠭᠪᠠ ᠮᠠᠮ᠎ᠠ ᠲᠦᠷᠦ ᠪᠠᠷᠢᠭᠴᠢ ᠶᠢᠨ ᠬᠠᠷᠠᠳᠠᠯᠭ᠎ᠠ ᠰᠤᠯᠠᠷᠠᠭᠰᠠᠨ ᠵᠠᠪᠰᠢᠶᠠᠨ ᠢ ᠳᠠᠯᠢᠮᠳᠠᠭᠤᠯᠵᠤ᠂ ᠣᠢ᠌ᠷ᠎ᠠ ᠬᠠᠪᠢ ᠶᠢᠨ ᠮᠠᠯᠴᠢᠨ ᠢ ᠳᠠᠭᠠᠭᠤᠯᠤᠨ ᠥᠷᠯᠦᠭᠡ ᠦᠳᠡᠰᠢ ᠶᠢᠨ ᠰᠡᠯᠡᠭᠦᠤ ᠳᠤ ᠪᠠᠭ᠎ᠠ ᠰᠠᠭ᠎ᠠ ᠮᠠᠯᠳᠠᠭᠰᠠᠭᠠᠷ ᠪᠠᠢ᠌ᠵᠤ ᠳᠠᠷᠤᠭᠰᠠᠨ ᠰᠢᠷᠤᠢ ᠶᠢ ᠨᠢ ᠣᠩᠭ᠋ᠣᠢ᠌ᠯᠭᠠᠵᠤ ᠬᠠᠶᠠᠭᠰᠠᠨ ᠪᠣᠯᠪᠠᠴᠤ ᠷᠠᠰᠢᠶᠠᠨ ᠤ ᠠᠮᠠᠰᠠᠷ ᠮᠦᠨ ᠯᠠ ᠨᠡᠭᠡᠭᠡᠭ᠍ᠳᠡᠭ᠍ᠰᠡᠨ ᠦᠭᠡᠶ᠃ ᠳᠡᠭᠡᠭᠡᠤᠨ ᠭᠤᠷᠪᠠᠨ ᠡᠳᠦᠷ ᠷᠠᠰᠢᠶᠠᠨ ᠰᠠᠩ ᠣᠩᠰᠢᠵᠤ᠂ ᠭᠦᠵᠢ ᠣᠩᠰᠠᠭᠠᠨ ᠰᠤᠯᠬ᠎ᠠ ᠳᠠᠳᠠᠨ ᠠᠷᠢᠭᠤᠯᠤᠯᠭ᠎ᠠ ᠭᠢᠭ᠍ᠰᠡᠨ ᠤ ᠠᠴᠢ ᠪᠠᠷ ᠳᠦᠷᠪᠠᠳᠦᠭᠡᠷ ᠡᠳᠦᠷ ᠡᠴᠠ ᠨᠢ ᠳᠦᠩᠭᠡᠵᠢ ᠵᠢᠭᠠᠬᠠᠨ ᠷᠠᠰᠢᠶᠠᠨ ᠣᠠᠳᠤᠷᠤᠭᠰᠠᠨ ᠪᠠᠢ᠌ᠯ᠎ᠠ᠃ ᠷᠠᠰᠢᠶᠠᠨ ᠤ ᠭᠡᠮᠵᠢᠶ᠎ᠡ ᠢᠳᠡᠭ᠌ ᠢᠳᠡᠭ᠌ ᠶᠢᠡᠷ ᠨᠡᠮᠡᠭ᠍ᠳᠡᠭ᠍ᠰᠡᠨ ᠪᠣᠯᠪᠠᠴᠤ ᠣᠭ ᠤᠨ ᠪᠠᠢ᠌ᠳᠠᠭ ᠠᠷᠪᠠᠨ ᠭᠡᠳᠤᠨ ᠪᠣᠯᠠᠭ ᠤᠨ ᠣᠯᠠᠩᠭᠢ ᠨᠢ ᠳᠠᠭ ᠰᠤᠬᠤᠷᠠᠭᠠᠤᠨ᠂ ᠭᠤᠤᠯ ᠪᠣᠯᠠᠭ ᠳᠠᠪᠤᠨ ᠴᠤᠯᠤ ᠶᠢᠨ ᠷᠠᠰᠢᠶᠠᠨ ᠪᠠ ᠨᠢᠳᠤᠨ ᠪᠣᠯᠠᠭ᠂ ᠠᠷᠠᠰᠤᠨ ᠪᠣᠯᠠᠭ ᠭᠤᠷᠪᠠ ᠯᠠ ᠠᠷᠠᠢ᠌ᠬᠠᠨ ᠠᠮᠢ ᠲᠡᠶ ᠥᠯᠡᠳᠡᠭ᠍ᠰᠡᠨ ᠪᠠᠢ᠌ᠪᠠ᠃

ᠳᠠᠯᠠᠭᠠᠤᠨ ᠣᠨ ᠤ ᠰᠡᠭᠦᠯᠴᠢ ᠪᠠᠷ ᠣᠮᠠᠷᠠᠳᠤ ᠶᠢᠨ ᠳᠤᠰᠤᠨ ᠠᠭᠤᠷᠬᠠᠢ ᠶᠢᠨ ᠨᠥᠭᠡᠴᠡ ᠶᠢ ᠬᠠᠢ᠌ᠵᠤ ᠶᠠᠪᠣᠭ᠎ᠠ ᠨᠢᠭᠡ ᠪᠦᠯᠦᠭ᠌ ᠠᠭᠤᠷᠬᠠᠢ᠌ᠴᠢᠳ᠂ ᠣᠯᠠᠢ ᠬᠠᠢ᠌ᠵᠤ ᠶᠠᠪᠣᠭ᠎ᠠ ᠦᠯᠦᠨ ᠴᠢᠨ᠋ᠸ᠎ᠠ ᠶᠢᠨ ᠰᠢᠨᠤᠬᠠᠢ ᠨᠢᠳᠤ ᠪᠠᠷ ᠪᠠᠯᠪᠠᠴᠢ ᠶᠢ ᠰᠢᠩᠰᠢᠵᠤ᠂ ᠪᠣᠯᠠᠭ ᠤᠨ ᠭᠤᠤᠯ ᠶᠢᠡᠷ ᠳᠤᠭᠤᠭᠰᠢ ᠦᠷᠦᠮᠳᠠᠵᠤ ᠪᠠᠢ᠌ᠭᠠᠤᠨ ᠪᠠᠰᠠ ᠨᠢᠭᠡ ᠣᠳᠠᠭ᠎ᠠ ᠰᠢᠷᠭᠡᠭᠡᠵᠤ ᠬᠠᠶᠠᠭᠰᠠᠨ ᠪᠦᠭᠡᠤᠨ᠂ ᠨᠠᠶᠠᠭᠠᠤᠨ ᠣᠨ ᠳᠤ ᠰᠢᠯᠢᠩᠬᠤᠳᠠ ᠶᠢᠨ ᠵᠢᠭᠤᠯᠴᠢᠯᠠᠯ ᠤᠨ ᠳᠤᠪᠴᠢᠶ᠎ᠠ ᠨᠢ ᠶᠡᠭᠡ ᠪᠠᠯᠠ ᠭᠠᠷᠭᠠᠵᠤ ᠣᠳᠤᠭᠢᠴᠢᠯᠠᠭᠰᠠᠨ ᠳᠤᠮᠤ ᠳᠠᠮᠤᠷ ᠪᠠᠢ᠌ᠰᠢᠩ ᠪᠠᠷᠢᠭᠠᠤᠨ᠂ ᠷᠠᠰᠢᠶᠠᠨ ᠣᠰᠤ ᠶᠢ ᠪᠠᠢ᠌ᠰᠢᠩ ᠳᠠᠭᠠᠨ ᠵᠠᠯᠠᠵᠤ ᠣᠷᠤᠭᠤᠯᠬᠤ ᠭᠡᠵᠤ ᠣᠷᠤᠯᠳᠤᠭᠠᠤᠨ ᠪᠦᠳᠦᠭ᠍ᠰᠡᠨ ᠦᠭᠡᠶ ᠳᠡᠦᠭᠡ ᠲᠡᠶ᠃

ᠴᠢᠩᠭᠢᠰ ᠤᠨ 《ᠶᠡᠭᠡ ᠵᠠᠰᠠᠭ》 ᠲᠤ᠂ ᠭᠤᠤᠯ ᠭᠤᠷᠤᠬᠠᠨ ᠳᠤ ᠪᠠᠶ᠎ᠠ ᠪᠠᠨ ᠣᠭᠢᠶᠠᠠᠬᠤ ᠪᠣᠶᠤ ᠪᠣᠵᠠᠷ ᠶᠠᠭᠤᠮᠠᠰ ᠶᠢᠡᠨ ᠣᠭᠢᠶᠠᠬᠤ ᠶᠢ ᠴᠢᠩᠭ᠎ᠠ ᠴᠠᠭᠠᠵᠠᠯᠠᠳᠠᠭ ᠨᠢ ᠪᠠᠢ᠌ᠭᠠᠯᠢ ᠶᠢᠨ ᠵᠢᠮ᠎ᠠ ᠶᠤᠰᠤᠨ ᠤ ᠡᠰᠢ ᠪᠠᠷᠢᠮᠳᠠ ᠲᠡᠶ ᠶᠤᠮ᠃ ᠭᠡᠭᠦ ᠳᠡᠭᠡᠨ ᠮᠤᠩᠭ᠋ᠤᠯ ᠨᠤᠳᠤᠭ ᠤᠨ ᠡᠭᠡ ᠪᠠᠢ᠌ᠭᠠᠯᠢ ᠶᠠᠷᠤᠨᠢ ᠡᠮᠵᠡᠭ᠌ ᠪᠠᠭᠤᠷᠠᠢ ᠪᠠᠢ᠌ᠵᠤ᠂ ᠪᠣᠯᠭᠢ ᠳᠠᠩᠬᠠᠢ᠌ᠴᠤᠳ ᠤᠨ ᠡᠷᠦᠢ ᠬᠤᠷᠤᠢ ᠳᠠᠯᠭᠢᠯᠠᠬᠤ ᠶᠢ ᠳᠡᠰᠳᠡᠭ᠌ ᠦᠭᠡᠶ᠃ ᠶ‍ᠡᠷᠡᠭᠡᠤᠨ ᠣᠨ ᠳᠤ᠂ ᠰᠢᠯᠢᠩᠬᠤᠳᠠ ᠡᠴᠠ ᠢᠷᠡᠭ᠍ᠰᠡᠨ ᠨᠢᠭᠡ ᠭᠢᠳᠠᠤᠨ ᠡᠮ᠎ᠡ ᠳᠠᠪᠤᠨ ᠴᠤᠯᠤ ᠶᠢᠨ ᠪᠣᠯᠠᠭ ᠲᠤ ᠪᠣᠵᠠᠷ ᠠᠯᠠᠪᠴᠢ ᠪᠠᠨ ᠣᠭᠢᠶᠠᠵᠤ ᠪᠠᠢ᠌ᠭᠠᠤᠨ ᠨᠠᠪᠳᠠᠭ ᠰᠠᠪᠳᠠᠭ ᠢ ᠠᠭᠤᠷᠯᠠᠭᠤᠯᠤᠭᠠᠤᠨ ᠪᠠᠯᠪᠠᠴᠢ ᠶᠢᠨ ᠷᠠᠰᠢᠶᠠᠨ ᠮᠠᠨᠢ ᠪᠠᠰᠠ ᠨᠢᠭᠡ ᠣᠳᠠᠭ᠎ᠠ ᠰᠢᠷᠭᠢᠭ᠍ᠰᠡᠨ ᠪᠠᠢ᠌ᠯ᠎ᠠ᠃ ᠪᠠᠯᠪᠠᠴᠢ ᠶᠢᠨ ᠷᠠᠰᠢᠶᠠᠨ ᠢᠩᠭᠢᠵᠤ ᠡᠷᠭᠢᠭᠦᠤ ᠠᠮᠢᠳᠠᠤᠨ ᠤᠨ ᠳᠠᠯᠭᠢᠯᠠᠯ ᠳᠤ ᠳᠠᠪᠣ ᠣᠳᠠᠭ᠎ᠠ ᠰᠢᠷᠭᠢᠵᠤ ᠠᠮᠢᠯᠠᠭᠰᠠᠨ ᠳᠡᠦᠭᠡ ᠲᠡᠶ᠃ 2008 ᠣᠨ ᠤ ᠵᠤᠨ ᠳᠤᠮᠳᠠ ᠹᠦ᠋ ᠡᠭᠢᠯᠡᠭᠦ ᠳᠤ᠂ ᠨᠢᠭᠡᠨ ᠪᠠᠶᠠᠨ ᠬᠠᠳᠤᠭᠳᠠᠢ ᠦᠨᠳᠦᠷ ᠦᠨ᠎ᠡ ᠶᠢᠨ ᠪᠠᠭᠠᠯ ᠨᠤᠬᠠᠢ ᠪᠠᠨ ᠨᠢᠳᠤᠨ ᠪᠣᠯᠠᠭ ᠲᠤ ᠣᠭᠠᠵᠤ ᠪᠠᠢ᠌ᠳᠠᠯ᠎ᠠ ᠷᠠᠰᠢᠶᠠᠨ ᠣᠤᠭᠤᠬᠤ ᠪᠠᠷ ᠢᠷᠡᠭ᠍ᠰᠡᠨ ᠮᠤᠩᠭ᠋ᠤᠯ ᠠᠬᠠᠮᠠᠤᠨ ᠣᠯᠵᠤ ᠥᠵᠡᠭᠡᠤᠨ ᠬᠠᠷᠢᠶᠠᠨ ᠵᠠᠩᠨᠠᠭᠰᠠᠨ ᠳᠤ᠂ ᠦᠨᠦ ᠡᠮ᠎ᠡ ᠪᠠᠭᠠᠯ ᠶᠢᠡᠨ ᠳᠠᠭᠠᠭᠤᠯᠤᠭᠠᠤᠨ ᠰᠠᠷᠠᠯᠵᠢ ᠳᠠᠪᠠᠨ ᠭᠤᠳ ᠳᠤᠳᠠᠭᠠᠵᠠᠢ᠃ ᠳᠡᠭᠡᠭᠡᠤᠨ ᠨᠢᠳᠤᠨ ᠪᠣᠯᠠᠭ ᠰᠢᠷᠭᠢᠵᠤ ᠵᠤᠨ ᠳᠤᠷᠰᠢ ᠠᠮᠢᠯᠠᠭᠰᠠᠨ ᠦᠭᠡᠶ᠃ 2009 ᠣᠨ ᠤ ᠳᠠᠪᠤᠨ ᠰᠠᠷᠠᠢ᠌ᠨ ᠡᠭᠢᠨ ᠳᠤ᠂ ᠪᠠᠯᠪᠠᠴᠢ ᠶᠢ ᠳᠦᠷᠢᠶᠡᠰᠦᠯᠡᠭ᠍ᠰᠡᠨ ᠰᠢᠯᠤᠭᠤᠨ ᠴᠠᠭᠠᠨ ᠤ ᠴᠤᠭᠳᠤ᠂ ᠢᠯᠠᠯᠳᠠ ᠨᠡᠷ ᠨᠢᠳᠤᠨ ᠷᠠᠰᠢᠶᠠᠨ ᠢ ᠯᠠᠢ᠌ᠳᠠᠵᠤ᠂ ᠭᠦᠵᠢ ᠣᠩᠰᠠᠭᠠᠨ ᠠᠷᠢᠭᠤᠯᠤᠭᠰᠠᠨ ᠡᠴᠠ ᠳᠠᠭᠢᠨ ᠣᠠᠳᠤᠷᠤᠭᠰᠠᠨ ᠪᠣᠯᠪᠠᠴᠤ᠂ ᠳᠦᠷᠦᠭᠦᠤ ᠹᠦ᠋ ᠣᠷᠤᠬᠤ ᠦᠶ᠎ᠡ ᠪᠠᠷ ᠣᠮᠠᠷᠠᠳᠤ ᠶᠢᠨ ᠳᠤᠰᠤᠨ ᠠᠭᠤᠷᠬᠠᠢ ᠶᠢᠨ ᠭᠡᠳᠤᠨ ᠭᠢᠳᠠᠤᠨ ᠡᠮ᠎ᠡ ᠳᠤᠳᠤᠷ᠎ᠠ ᠨᠢ ᠪᠣᠵᠠᠷ ᠭᠦᠯ ᠶᠢᠡᠨ ᠣᠭᠢᠶᠠᠭᠰᠠᠨ ᠡᠴᠠ ᠪᠣᠯᠵᠤ ᠬᠠᠷᠠᠵᠤ ᠪᠠᠢ᠌ᠳᠠᠯ᠎ᠠ ᠰᠢᠷᠭᠢᠭ᠍ᠰᠡᠨ ᠪᠠᠢ᠌ᠵᠠᠢ᠃ ᠳᠡᠭᠡᠯ᠎ᠡ ᠴᠤ ᠪᠠᠢ᠌ᠭᠠᠯᠢ ᠪᠠᠨ ᠪᠢᠰᠢᠷᠠᠨ ᠳᠡᠭᠡᠳᠦᠯᠡᠭᠦ ᠦᠨᠳᠦᠷ ᠣᠬᠠᠮᠰᠠᠷᠳᠠᠤᠨ ᠡᠳᠦᠷ ᠢᠷᠡᠭᠦᠶ᠎ᠡ ᠣᠯᠠᠰᠢᠷᠠᠵᠤ᠂ ᠬᠠᠮᠠᠭᠠᠯᠠᠵᠤ ᠳᠤᠳᠤᠮᠳᠠᠭᠰᠠᠤᠨ ᠵᠠᠬ᠎ᠠ ᠡᠴᠠ ᠪᠠᠨ ᠠᠷᠪᠢᠤᠠᠴᠤ ᠪᠠᠢ᠌ᠭ᠎ᠠ ᠦᠨᠦᠳᠤᠷ᠂ ᠪᠠᠯᠪᠠᠴᠢ ᠶᠢᠨ ᠷᠠᠰᠢᠶᠠᠨ ᠶᠢᠡᠨ ᠳᠠᠭᠢᠭᠠᠤᠨ ᠪᠣᠤ ᠯᠠ ᠰᠢᠷᠭᠡᠴᠢᠭᠡᠶ᠎ᠡ ᠭᠡᠵᠤ ᠮᠤᠩᠭ᠋ᠤᠯ ᠣᠬᠠᠮᠰᠠᠷᠠᠯ ᠲᠡᠶ ᠭᠦᠮᠤᠨ ᠯᠠ ᠪᠣᠯᠭᠠᠨ ᠰᠢᠳᠤ ᠵᠠᠭᠤᠵᠤ ᠪᠠᠢ᠌ᠬᠤ ᠶᠢ ᠶᠠᠭᠤᠨ ᠥᠭᠦᠯᠡᠨᠡᠮ᠃

ᠭᠤᠷᠪᠠᠳᠤᠭᠠᠷ ᠪᠦᠯᠦᠭ᠌᠂ ᠡᠭᠡ ᠪᠠᠢ᠌ᠭᠠᠯᠢ ᠶᠢᠨ ᠭᠦᠷᠳᠡᠭᠡᠯ

ᠪᠠᠯᠪᠠᠴᠢ ᠶᠢᠨ ᠷᠠᠰᠢᠶᠠᠨ ᠪᠣᠯ ᠣᠯᠠᠨ ᠵᠣᠢ᠌ᠯ ᠤᠨ ᠡᠷᠦᠳᠡᠰᠤ᠂ ᠮᠠᠭᠮᠠ ᠬᠠᠢ᠌ᠯᠤᠰᠢ ᠶᠢᠨ ᠭᠡᠳᠤᠨ ᠲᠦᠮᠡᠨ ᠭᠷᠠᠳᠦ᠋ᠰ ᠤᠨ ᠬᠠᠯᠠᠭᠤᠨ ᠪᠠ ᠳᠡᠯᠡᠭᠡᠢ ᠶᠢᠨ ᠪᠦᠮᠪᠦᠷᠴᠡᠭ᠌ ᠤᠨ ᠴᠦᠮ᠎ᠡ ᠡᠴᠠ ᠢᠷᠡᠭ᠍ᠰᠡᠨ ᠠᠪᠣᠷᠭᠤ ᠳᠠᠷᠤᠴᠠ ᠪᠣᠯᠤᠨ ᠭᠠᠵᠠᠷ ᠤᠨ ᠴᠠᠷᠴᠠᠳᠠᠰᠤᠨ ᠤ ᠰᠢᠷᠦᠭᠦᠨ ᠭᠦᠳᠡᠯᠭᠡᠭᠡᠨ ᠳᠤ ᠣᠷᠭᠠᠨᠢᠭ ᠶᠢᠡᠷ ᠨᠢᠭᠡᠳᠴᠤ᠂ ᠭᠡᠳᠤᠨ ᠵᠠᠭᠤᠨ ᠲᠦᠮᠡᠨ ᠵᠢᠯ ᠤᠨ ᠰᠢᠯᠭᠡᠯᠳᠡ ᠳᠤ ᠬᠤᠤᠷᠳᠤ ᠪᠣᠳᠠᠰ ᠪᠣᠯᠤᠨ ᠳᠡᠮᠦᠷᠯᠢᠭ᠌ ᠨᠢ ᠳᠤᠤᠷ᠎ᠠ ᠨᠢ ᠳᠤᠠᠵᠤ ᠠᠭᠤᠷᠬᠠᠢ ᠶᠢᠨ ᠭᠦᠳᠡᠷ ᠪᠦᠷᠢᠯᠳᠦᠭᠡᠤᠨ᠂ ᠠᠰᠢᠭᠳᠤ ᠪᠦᠷᠢᠯᠳᠦᠭᠦᠨ ᠢ ᠠᠭᠤᠯᠤᠭᠰᠠᠨ ᠰᠢᠩᠭᠡᠨ ᠪᠠᠶᠠᠳᠤ ᠊᠊᠊᠊᠊᠊᠊᠊᠊᠊᠊᠊᠊᠊᠊ ᠷᠠᠰᠢᠶᠠᠨ ᠣᠰᠤ ᠨᠢ ᠭᠠᠯᠳᠤ ᠠᠭᠤᠯᠠ ᠰᠥᠷᠴᠢᠭ᠍ᠰᠡᠨ ᠵᠥᠷᠢᠭ᠍ᠳᠡᠯ ᠤᠨ ᠠᠩ ᠵᠠᠪᠰᠠᠷ ᠶᠢᠡᠷ ᠣᠷᠭᠢᠯᠤᠨ ᠭᠠᠷᠴᠤ ᠪᠣᠢ ᠠᠵᠢ᠃ ᠭᠠᠳᠠᠭᠠᠳᠤ ᠶᠢᠨ ᠨᠢᠭᠡ ᠰᠢᠡᠵᠢᠯᠡᠭᠦ ᠣᠬᠠᠭᠠᠠᠳᠠᠨ ᠷᠠᠰᠢᠶᠠᠨ ᠤ ᠪᠦᠷᠢᠯᠳᠦᠭᠦᠨ ᠢ ᠢᠯᠭᠠᠨ ᠳᠤᠳᠤᠯᠠᠭᠰᠠᠨ ᠤ ᠳᠠᠷᠠᠭ᠎ᠠ᠂ ᠨᠢᠭᠡᠨ ᠳᠤᠮᠤ ᠭᠠᠩ ᠳᠤ ᠡᠯ᠎ᠡ ᠵᠣᠢ᠌ᠯ ᠤᠨ ᠡᠯᠧᠮᠧᠨ᠋ᠲ᠋ ᠶᠢ ᠬᠠᠷᠢᠴᠠᠯ ᠶᠢᠡᠷ ᠨᠢ ᠭᠢᠵᠤ᠂ ᠴᠡᠪᠠᠷᠰᠢᠭᠦᠯᠦᠭ᠍ᠰᠡᠨ ᠣᠰᠤ ᠨᠡᠮᠡᠭᠡᠤᠨ ᠷᠠᠰᠢᠶᠠᠨ ᠨᠠᠢ᠌ᠷᠠᠭᠰᠠᠨ ᠳᠤ᠂ ᠦᠨᠦᠭᠢ ᠨᠢ ᠳᠤᠨᠤᠬᠤ ᠨᠢ ᠳᠤᠠᠵᠤ ᠳᠡᠭ᠍ᠳᠡᠭᠦ ᠨᠢ ᠳᠡᠭ᠍ᠳᠡᠭᠡᠤᠨ ᠭᠠᠰᠢᠯᠤᠨ ᠡᠪᠳᠡᠷᠡᠭ᠍ᠰᠡᠨ ᠪᠠᠢ᠌ᠯ᠎ᠠ᠃ ᠣᠤᠯ ᠨᠢ ᠭᠦᠮᠤᠨ ᠤ ᠭᠦᠴᠤ ᠪᠠᠷ ᠪᠦᠳᠦᠭᠡᠵᠤ ᠳᠡᠢ᠌ᠯᠭᠦ ᠦᠭᠡᠶ ᠪᠠᠢ᠌ᠭᠠᠯᠢ ᠶᠢᠨ ᠪᠦᠳᠦᠭᠡᠭ᠍ᠳᠡᠭᠦᠨ ᠪᠣᠯᠬᠤ ᠷᠠᠰᠢᠶᠠᠨ ᠣᠰᠤᠨ ᠳᠤ ᠦᠨᠳᠦᠷ ᠬᠠᠯᠠᠭᠤᠨ ᠠᠪᠣᠷᠭᠤ ᠳᠠᠷᠤᠴᠠ ᠭᠡᠷᠡᠭ᠍ᠰᠡᠭᠦ ᠪᠠᠷ ᠪᠠᠷᠠᠬᠤ ᠦᠭᠡᠶ᠂ ᠭᠠᠵᠠᠷ ᠤᠨ ᠴᠠᠷᠴᠠᠳᠠᠰᠤᠨ ᠤ ᠰᠢᠷᠦᠭᠦᠨ ᠭᠦᠳᠡᠯᠭᠡᠭᠡᠨ ᠤ ᠣᠠᠴᠠᠭᠠᠢ ᠣᠷᠴᠢᠨ ᠠᠬᠤᠢ ᠶᠢ ᠪᠦᠷᠢᠯᠳᠦᠭᠦᠵᠤ᠂ ᠭᠡᠳᠤᠨ ᠵᠠᠭᠤᠨ ᠲᠦᠮᠡᠨ ᠵᠢᠯ ᠤᠨ ᠰᠢᠯᠭᠡᠯᠳᠡ ᠶᠢ ᠳᠠᠮᠵᠢᠮᠠᠠᠵᠢᠨ ᠰᠠ‍‌ᠶᠢ ᠣᠷᠭᠠᠨᠢᠭ ᠨᠢᠭᠡᠳᠦᠯ ᠢ ᠪᠠᠶᠡᠯᠡᠭᠦᠯᠦᠭ᠍ᠰᠡᠨ ᠪᠠᠢ᠌ᠨ᠎ᠠ᠃ ᠡᠢ᠌ᠮᠦᠷᠭᠦ ᠨᠥᠭᠦᠴᠡᠯ ᠪᠣᠯᠤᠯᠴᠠᠭ᠎ᠠ ᠶᠢ ᠭᠦᠮᠤᠨ ᠲᠦᠷᠦᠯᠭᠢᠳᠠᠨ ᠭᠡᠵᠢᠶ᠎ᠡ ᠡᠭᠦᠷᠢᠳᠡ ᠪᠠᠶᠡᠯᠡᠭᠦᠯᠵᠤ ᠴᠢᠳᠠᠬᠤ ᠦᠭᠡᠶ ᠪᠣᠯᠬᠤᠷ ᠷᠠᠰᠢᠶᠠᠨ ᠨᠢ ᠪᠠᠢ᠌ᠭᠠᠯᠢ ᠶᠢᠨ ᠭᠦᠷᠳᠡᠭᠡᠯ ᠪᠠᠢ᠌ᠵᠤ᠂ ᠭᠠᠷᠬᠤ ᠭᠡᠮᠵᠢᠶ᠎ᠡ ᠪᠠᠷ ᠶᠢᠡᠨ ᠯᠠ ᠭᠠᠷᠬᠤ ᠡᠴᠠ ᠪᠢᠰᠢ᠂ ᠭᠦᠮᠤᠨ ᠲᠦᠷᠦᠯᠭᠢᠳᠠᠨ ᠤ ᠬᠤᠪᠳᠤᠭ ᠭᠦᠰᠡᠯ ᠶᠤᠰᠤᠭᠠᠷ ᠮᠠᠯᠳᠠᠬᠤ ᠳᠤᠳᠤᠮ ᠶᠡᠭᠡ ᠭᠠᠷᠬᠤ ᠶᠤᠰᠤ ᠪᠠᠢ᠌ᠬᠤ ᠦᠭᠡᠶ᠃ ᠳᠡᠭᠡᠭᠦ ᠳᠤ ᠡᠷᠭᠢᠭᠦᠤ ᠳᠡᠨᠡᠭ᠌ ᠭᠦᠮᠤᠨ ᠲᠦᠷᠦᠯᠭᠢᠳᠠᠨ ᠷᠠᠰᠢᠶᠠᠨ ᠪᠣᠯᠠᠭ ᠲᠤ ᠣᠯᠤᠰ ᠲᠦᠷᠦ ᠶᠢᠨ ᠶᠠᠯ᠎ᠠ ᠳᠤᠬᠤᠵᠤ᠂ ᠰᠠᠨᠠᠭᠠᠨ ᠳᠠᠪᠠ ᠪᠠᠷ ᠶᠢᠡᠨ ᠮᠠᠯᠳᠠᠯᠭ᠎ᠠ ᠭᠢᠵᠤ ᠪᠠᠢ᠌ᠭᠠᠤᠨ ᠪᠠᠢ᠌ᠭᠠᠯᠢ ᠶᠢᠨ ᠳᠡᠩᠴᠡᠭᠦᠷᠢ ᠶᠢ ᠠᠯᠳᠠᠭᠤᠯᠤᠨ ᠷᠠᠰᠢᠶᠠᠨ ᠪᠣᠯᠠᠭ ᠢ ᠰᠤᠬᠤᠯᠬᠤ ᠶᠢ ᠨᠢ ᠰᠤᠬᠤᠯᠠᠭᠠᠤᠨ᠂ ᠭᠦᠮᠤᠨ ᠲᠦᠷᠦᠯᠭᠢᠳᠠᠨ ᠭᠢᠭᠡᠤᠨ ᠭᠦᠷᠦᠰᠦᠳᠤ ᠳᠡᠯᠡᠭᠡᠢ ᠳᠤ ᠠᠭᠤᠴᠢᠯᠠᠰᠢ ᠦᠭᠡᠶ ᠶᠠᠯ᠎ᠠ ᠥᠢᠯᠡᠳᠦᠭ᠍ᠰᠡᠨ ᠪᠠᠢ᠌ᠨ᠎ᠠ᠃ ᠮᠢᠩ ᠣᠯᠤᠰ ᠤᠨ ᠯᠣᠢ᠌ᠪᠠᠷᠴᠢᠨ ᠬᠠᠭᠠᠨ ᠵᠤ ᠶᠤᠸᠠᠨ ᠵᠠᠩ᠂ ᠳᠤᠭᠤᠠᠳᠠᠮᠤᠷ ᠢ ᠭᠦᠭᠡᠭᠡᠵᠤ ᠭᠠᠷᠭᠠᠮᠠᠭᠴᠠ ᠦᠶ᠎ᠡ ᠶᠢᠨ ᠦᠶ᠎ᠡ ᠬᠠᠭᠠᠨ ᠡᠵᠡᠨ ᠰᠠᠭᠤᠬᠤ ᠶᠢ ᠭᠤᠷᠢᠳᠠᠵᠤ᠂ ᠹᠸᠩᠱᠤᠢ ᠶᠢᠨ ᠰᠤᠳᠤᠯᠭᠠᠳᠠᠨ ᠯᠢᠤ ᠪᠦᠸᠧ ᠸᠧᠨ ᠢ ᠳᠤᠮᠢᠯᠠᠵᠤ ᠠᠭᠤᠯᠠ ᠣᠰᠤᠨ ᠤ ᠭᠡᠰᠢᠭ᠌ ᠢ ᠡᠪᠳᠡᠵᠤ᠂ ᠥᠭᠡᠷ᠎ᠡ ᠭᠦᠮᠤᠨ ᠬᠠᠭᠠᠨ ᠰᠠᠭᠤᠷᠢᠨ ᠢ ᠪᠣᠯᠢᠶᠠᠬᠤ ᠡᠴᠠ ᠰᠡᠷᠭᠡᠢ᠌ᠯᠡᠭ᠍ᠰᠡᠨ ᠭᠡᠳᠡᠭ᠌᠃ ᠨᠡᠢ᠌ᠭᠡᠮ ᠤᠨ ᠵᠢᠮ᠎ᠠ ᠬᠠᠤᠯᠢ ᠨᠢ ᠮᠤᠨᠤᠭ ᠠᠮᠢᠳᠠᠤᠨ ᠤᠨ ᠭᠤᠷᠢᠳᠠᠯ ᠶᠢᠡᠷ ᠬᠤᠪᠢᠰᠴᠤ ᠰᠢᠯᠵᠢᠭᠦ ᠦᠭᠡᠶ ᠳᠤᠯᠠ᠂ ᠴᠢᠰᠤ ᠳᠤᠯᠢᠶᠠᠵᠤ ᠪᠠᠢ᠌ᠭᠠᠤᠨ ᠦᠨᠳᠦᠷ ᠰᠢᠷᠡᠭᠡᠨ᠎ᠡ ᠮᠠᠴᠤᠨ ᠭᠠᠷᠴᠤ᠂ ᠨᠢᠯᠪᠣᠰᠤ ᠣᠷᠤᠰᠬᠠᠵᠤ ᠪᠠᠢ᠌ᠮᠠᠨ ᠬᠠᠭᠠᠨ ᠰᠠᠭᠤᠷᠢᠨ ᠡᠴᠠ ᠥᠩᠭᠦᠷᠢᠵᠤ ᠣᠨᠠᠭᠠᠤᠨ᠂ ᠠᠭᠤᠯᠠ ᠣᠰᠤ ᠶᠢ ᠳᠠᠯᠠᠭᠠᠷ ᠳᠠᠯᠭᠢᠯᠠᠨ ᠬᠣᠢ᠌ᠴᠢ ᠶᠢᠨ ᠭᠦᠮᠤᠨ ᠤ ᠬᠠᠷᠢᠶᠠᠯ ᠢ ᠢᠳᠡᠭᠦ ᠰᠠᠳᠤᠪ ᠢ ᠥᠯᠡᠳᠡᠭᠡᠭ᠍ᠰᠡᠨ ᠪᠠᠢ᠌ᠵᠠᠢ᠃ ᠪᠠᠯᠪᠠᠴᠢ ᠶᠢᠨ ᠷᠠᠰᠢᠶᠠᠨ ᠤ ᠡᠷᠭᠡ ᠳᠠᠷᠬ᠎ᠠ ᠳᠤ ᠬᠠᠯᠳᠠᠭᠰᠠᠨ ᠯᠣᠢ᠌ᠪᠠᠷᠴᠢᠳ ᠦᠶ᠎ᠡ ᠶᠢᠨ ᠦᠶ᠎ᠡ ᠳᠡᠭᠡᠨ ᠰᠠᠢ᠌ᠨ ᠶᠢᠡᠨ ᠥᠵᠡᠭᠦ ᠦᠭᠡᠶ ᠶᠤᠮ᠃

ᠪᠠᠯᠪᠠᠴᠢ ᠶᠢᠨ ᠷᠠᠰᠢᠶᠠᠨ ᠶᠢᠡᠷ ᠥᠵᠡᠭᠦ ᠳᠤ᠂ ᠷᠠᠰᠢᠶᠠᠨ ᠢ ᠳᠤᠰᠴᠤ ᠠᠪᠣᠭᠠᠤᠨ ᠵᠠᠭᠤᠭᠠᠤᠨ ᠮᠸᠲ᠋ᠷ ᠵᠠᠢ᠌ᠳᠠᠢ ᠠᠪᠴᠤ ᠭᠠᠷᠤᠭᠰᠠᠭᠠᠷ ᠴᠢᠨᠠᠷ ᠨᠢ ᠬᠤᠪᠢᠷᠠᠵᠤ ᠢᠳᠠ ᠨᠢ ᠰᠤᠯᠠᠷᠠᠴᠢᠬᠠᠳᠠᠭ ᠪᠠᠢ᠌ᠨ᠎ᠠ᠃ ᠵᠠᠷᠢᠮ ᠭᠦᠮᠤᠨ ᠬᠠᠯᠠᠭᠤᠨ ᠣᠰᠤᠨ ᠰᠠᠪᠠ ᠪᠠᠷ ᠷᠠᠰᠢᠶᠠᠨ ᠰᠠᠪᠠᠯᠠᠵᠤ᠂ ᠪᠣᠯᠠᠭ ᠤᠨ ᠵᠡᠭᠦᠨ ᠳᠠᠠᠵᠢᠨ ᠳ᠋ᠠᠭᠢ ᠰᠤᠪᠢᠯᠠᠯᠳᠠ ᠶᠢᠨ ᠭᠠᠵᠠᠷ ᠵᠥᠭᠡᠭᠡᠵᠤ ᠣᠤᠭᠤᠳᠠᠭ ᠪᠣᠯᠪᠠᠴᠤ᠂ ᠰᠢᠨ᠎ᠡ ᠳᠤᠰᠤᠭᠰᠠᠨ ᠷᠠᠰᠢᠶᠠᠨ ᠶᠢᠡᠨ ᠬᠤᠯᠠ ᠭᠦᠷᠭᠦ ᠦᠭᠡᠶ ᠪᠣᠯᠵᠤ ᠢᠳᠠ ᠨᠢ ᠰᠤᠯᠠᠷᠠᠬᠤ ᠪᠦᠭᠡᠤᠨ᠂ ᠭᠡᠳᠤ ᠣᠳᠠᠭ᠎ᠠ ᠷᠠᠰᠢᠶᠠᠨ ᠰᠠᠪᠠᠯᠠᠪᠠᠯ ᠬᠠᠯᠠᠭᠤᠨ ᠰᠠᠪᠠ ᠡᠪᠳᠡᠷᠡᠭᠡᠤᠨ ᠬᠠᠯᠠᠭᠤᠨ ᠢ ᠬᠠᠮᠠᠭᠠᠯᠠᠬᠤ ᠦᠭᠡᠶ ᠪᠣᠯᠴᠢᠬᠠᠨ᠎ᠠ᠃ ᠳᠡᠭᠡᠷ᠎ᠡ ᠵᠠᠭᠤᠨ ᠤ ᠨᠠᠶᠠᠭᠠᠤᠨ ᠣᠨ ᠤ ᠡᠭᠢᠨ ᠳᠤ᠂ ᠱᠠᠩᠬᠠᠢ ᠶᠢᠨ ᠰᠢᠮ᠎ᠠ ᠳᠡᠵᠢᠭᠡᠯ ᠰᠤᠳᠤᠯᠬᠤ ᠭᠦᠷᠢᠶᠡᠯᠡᠩ ᠤᠨ ᠭᠢᠨ ᠤ ᠵᠠᠳᠠᠯᠤᠨ ᠰᠢᠡᠵᠢᠯᠡᠭ᠍ᠰᠡᠨ ᠤ ᠳ᠋ᠦ᠋ᠩ ᠳᠤ᠂ ᠪᠠᠯᠪᠠᠴᠢ ᠶᠢᠨ ᠷᠠᠰᠢᠶᠠᠨ ᠤ ᠪᠦᠳᠦᠴᠡ ᠳᠤ ᠭᠦᠮᠤᠨ ᠤ ᠪᠠᠶ᠎ᠠ ᠳᠤ ᠠᠰᠢᠭᠳᠠᠢ ᠠᠷᠪᠠᠨ ᠭᠤᠷᠪᠠᠨ ᠲᠦᠷᠦᠯ ᠤᠨ ᠡᠯᠧᠮᠧᠨ᠋ᠲ᠋ ᠪᠠᠢ᠌ᠯ᠎ᠠ ᠭᠡᠵᠤ ᠳᠤᠳᠤᠯᠠᠭᠰᠠᠨ ᠪᠠᠢ᠌ᠪᠠ᠃ ᠦᠨᠡᠨ ᠳᠡᠭᠡᠨ ᠡᠳᠥᠢᠭᠡᠨ ᠶᠢᠡᠷ ᠳᠤᠭᠳᠠᠬᠤ ᠦᠭᠡᠶ᠂ ᠨᠠᠯᠢᠶᠠᠤᠨ ᠳᠤᠭᠠᠨ ᠤ ᠭᠡᠢ ᠪᠠᠶᠠᠳᠤ ᠡᠯᠧᠮᠧᠨ᠋ᠲ᠋ ᠤᠳ ᠠᠮᠠᠷᠬᠠᠨ ᠰᠠᠷᠨᠢᠴᠢᠬᠠᠳᠠᠭ ᠪᠦᠭᠡᠤᠨ᠂ ᠭᠡᠢ ᠠᠭᠠᠷ ᠭᠡᠭᠦ ᠵᠠᠭᠤᠴᠢᠳᠤ ᠣᠷᠴᠢᠨ ᠳᠤ ᠣᠯᠠᠩᠭᠢ ᠨᠢ ᠵᠠᠳᠠᠷᠠᠴᠢᠬᠠᠳᠠᠭ ᠪᠠᠢ᠌ᠨ᠎ᠠ᠃ ᠷᠠᠰᠢᠶᠠᠨ ᠪᠣᠯ ᠡᠭᠡ ᠪᠠᠢ᠌ᠭᠠᠯᠢ ᠡᠴᠠ ᠭᠦᠮᠤᠨ ᠲᠦᠷᠦᠯᠭᠢᠳᠠᠨ ᠢ ᠬᠠᠢ᠌ᠷᠠᠯᠠᠵᠤ ᠡᠨᠡᠷᠢᠭ᠍ᠰᠡᠨ ᠭᠡᠰᠢᠭ᠌ ᠭᠦᠷᠳᠡᠭᠡᠯ ᠪᠣᠯᠬᠤ ᠳᠤᠯᠠ᠂ ᠪᠠᠢ᠌ᠭᠠᠯᠢᠯᠢᠭ ᠭᠡᠪ ᠶᠢᠡᠷ ᠨᠢ ᠭᠦᠷᠳᠡᠵᠤ ᠡᠳ᠋ᠯᠡᠪᠠᠯ ᠰᠠ‍‌ᠶᠢ ᠠᠴᠢ ᠳᠤᠰᠠ ᠪᠣᠯᠵᠤ ᠴᠢᠳᠠᠨ᠎ᠠ᠃

ᠪᠠᠯᠪᠠᠴᠢ ᠶᠢᠨ ᠷᠠᠰᠢᠶᠠᠨ ᠤ ᠭᠤᠤᠯ ᠪᠦᠷᠢᠯᠳᠦᠭᠦᠨ ᠨᠢ ᠰᠸᠯᠧᠨ᠂ ᠵᠤᠩᠰᠢ᠂ ᠰᠢᠷ᠎ᠠ ᠭᠦᠭᠦᠷ᠂ ᠭᠢᠸᠠᠩ᠂ ᠪᠠᠷᠤᠭᠱᠦ᠋ᠨ᠂ ᠴᠢᠯᠠᠭᠤᠨ ᠬᠠᠭ᠂ ᠳ᠋ᠤᠩᠷᠤᠢ᠂ ᠰᠢᠠᠳᠤᠷ᠎ᠠ᠂ ᠠᠯᠳᠠ᠂ ᠮᠥᠩᠭᠦ᠂ ᠳᠠᠮᠤᠷ᠂ ᠺᠠᠯᠽ᠂ ᠨᠠᠲ᠋ᠷᠢ᠂ ᠮᠠᠭᠨᠠᠢ ᠵᠡᠷᠭᠡ ᠶᠢᠨ ᠭᠤᠤᠯ ᠡᠯᠧᠮᠧᠨ᠋ᠲ᠋ ᠪᠠᠢ᠌ᠬᠤ ᠡᠴᠠ ᠭᠠᠳᠠᠨ᠎ᠠ᠂ ᠨᠡᠭᠦᠷᠡᠰᠤᠨ ᠭᠦᠴᠢᠯ᠂ ᠭᠦᠭᠦᠷ ᠭᠦᠴᠢᠯ᠂ ᠠᠽᠤᠲ᠋ ᠭᠦᠴᠢᠯ᠂ ᠬᠤᠵᠢᠷ᠂ ᠱᠤᠤ ᠵᠡᠷᠭᠡ ᠪᠦᠷᠢᠯᠳᠦᠭᠦᠨ ᠴᠤ ᠪᠠᠢ᠌ᠳᠠᠭ ᠡᠴᠠ ᠷᠠᠰᠢᠶᠠᠨ ᠤ ᠴᠢᠨᠠᠷ ᠭᠦᠴᠢᠯᠯᠢᠭ᠌ ᠮᠥᠷᠳᠡᠭᠡᠨ ᠢᠳᠡᠮᠡᠭᠡᠢ ᠴᠢᠨᠠᠷ ᠲᠡᠶ᠃ ᠥᠩᠭᠡ ᠨᠢ ᠭᠦᠭᠡ ᠴᠠᠢ᠌ᠪᠣᠷ᠂ ᠢᠰᠭᠦᠯᠡᠩ ᠭᠦᠴᠢᠯᠢᠭ᠌ ᠠᠮᠳᠠᠳᠠᠢ᠂ ᠳᠤᠳᠤᠷ᠎ᠠ ᠨᠢ ᠬᠠᠶᠠ ᠣᠯᠠᠭᠠᠨ ᠰᠢᠷᠤᠢ (ᠰᠢᠠᠳᠤᠷ᠎ᠠ) ᠶᠢᠨ ᠮᠥᠭᠦᠯᠢᠭ᠌ ᠲᠡᠶ᠂ ᠭᠦᠷᠦᠰᠤᠨ ᠤ ᠭᠦᠨ ᠡᠴᠠ ᠢᠷᠡᠭ᠍ᠰᠡᠨ ᠪᠣᠯᠬᠤᠷ ᠴᠠᠭ ᠠᠭᠤᠷ ᠲᠤ ᠨᠥᠯᠦᠭᠡᠯᠡᠭ᠍ᠳᠡᠳᠡᠭ᠌ ᠦᠭᠡᠶ ᠭᠦᠢᠳᠡᠨ ᠷᠠᠰᠢᠶᠠᠨ ᠪᠣᠯᠤᠨ᠎ᠠ᠃ ᠭᠦᠨ ᠥᠩᠭᠡ ᠶᠢᠨ ᠬᠤᠪᠴᠠᠰᠤᠨ ᠳᠡᠭᠡᠷ᠎ᠡ ᠳᠤᠰᠤᠯᠪᠠᠯ ᠰᠥ᠋ ᠳᠤᠰᠤᠯᠭᠠᠭᠰᠠᠨ ᠠᠳᠠᠯᠢ ᠴᠠᠭᠠᠨ ᠳᠤᠯᠪᠣ ᠥᠯᠡᠳᠡᠭᠦ ᠪᠦᠭᠡᠤᠨ᠂ ᠨᠢᠭᠤᠷ ᠭᠠᠷ ᠶᠢᠡᠨ ᠣᠭᠢᠶᠠᠪᠠᠯ ᠠᠷᠠᠰᠤ ᠨᠢᠭᠳᠠᠷᠠᠨ ᠴᠢᠷᠠᠢ ᠭᠤᠸᠠᠯᠢᠭᠵᠢᠳᠠᠭ ᠪᠣᠯᠪᠠᠴᠤ᠂ ᠵᠠᠯᠭᠠᠭᠠᠤᠨ ᠳᠤᠯᠤᠭ᠎ᠠ ᠨᠢ᠋ᠮᠠᠨ ᠡᠳᠦᠷ ᠣᠭᠢᠶᠠᠭᠰᠠᠭᠠᠷ ᠴᠢᠷᠠᠢ ᠶᠢᠨ ᠠᠷᠠᠰᠤ ᠬᠤᠭᠵᠢᠷᠠᠨ ᠢᠷᠭᠢᠷᠡᠭᠦᠯᠭᠦ ᠪᠣᠯᠳᠠᠭ᠃ ᠭᠦᠴᠢᠯ ᠤᠨ ᠭᠡᠮᠵᠢᠶ᠎ᠡ ᠶᠡᠭᠡ ᠡᠴᠠ ᠪᠣᠯᠵᠤ᠂ ᠳᠡᠮᠦᠷᠯᠢᠭ᠌ ᠰᠠᠪᠠᠨ ᠳᠤ ᠠᠭᠤᠯᠪᠠᠯ ᠣᠷᠪᠠᠯ ᠡᠭᠦᠰᠴᠤ ᠷᠠᠰᠢᠶᠠᠨ ᠤ ᠴᠢᠨᠠᠷ ᠬᠤᠪᠢᠷᠠᠬᠤ ᠪᠦᠭᠡᠤᠨ ᠠᠭᠤᠯᠠᠭᠰᠠᠨ ᠰᠠᠪᠠ ᠨᠢ ᠴᠤᠭᠤᠷᠠᠳᠠᠭ ᠪᠠᠢ᠌ᠯ᠎ᠠ᠃ ᠳᠠᠢ᠌ᠮᠤ ᠪᠣᠯᠬᠤᠷ ᠪᠠᠯᠪᠠᠴᠢ ᠶᠢᠨ ᠷᠠᠰᠢᠶᠠᠨ ᠢ ᠰᠠᠪᠠᠯᠠᠬᠤ ᠳᠤ ᠬᠤᠪᠠᠠᠴᠠᠷ ᠰᠠᠪᠠ ᠪᠣᠶᠤ ᠱᠠᠵᠠᠩ ᠰᠠᠪᠠ᠂ ᠰᠢᠯ ᠰᠠᠪᠠ᠂ ᠬᠤᠳᠠᠯᠳᠤᠭᠠᠨ ᠤ ᠣᠰᠤ ᠰᠠᠪᠠᠯᠠᠬᠤ ᠰᠦᠯᠢᠶᠤᠤ ᠯᠤᠩᠬᠤ ᠵᠡᠷᠭᠡ ᠵᠤᠭᠢᠷᠠᠨ᠎ᠠ᠃

ᠳᠦᠷᠪᠠᠳᠦᠭᠡᠷ ᠪᠦᠯᠦᠭ᠌᠂ ᠷᠠᠰᠢᠶᠠᠨ ᠵᠠᠰᠠᠯ

ᠷᠠᠰᠢᠶᠠᠨ ᠵᠠᠰᠠᠯ ᠪᠣᠯ ᠴᠤᠯ ᠪᠠᠢ᠌ᠭᠠᠯᠢᠯᠢᠭ ᠵᠠᠰᠠᠯ ᠪᠣᠯᠤᠨ᠎ᠠ᠃ ᠳᠠᠷᠠ ᠨᠢ ᠭᠦᠮᠤᠨ ᠤ ᠪᠠᠶ᠎ᠠ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠶᠢ ᠳᠦᠷᠭᠡᠳᠭᠡᠵᠤ᠂ ᠱᠥᠭᠦᠷᠡᠭᠦᠯᠭᠦ ᠰᠢᠰᠲ᠋ᠸᠮ ᠤᠨ ᠠᠵᠢᠯᠯᠠᠭ᠎ᠠ ᠶᠢ ᠢᠳᠡᠪᠭᠢᠵᠢᠭᠦᠯᠦᠭᠡᠤᠨ ᠡᠰ ᠤᠨ ᠬᠠᠨ᠎ᠠ ᠶᠢᠨ ᠨᠠᠪᠴᠢᠯᠳᠠ ᠶᠢ ᠠᠭᠢᠭᠤᠯᠳᠠᠭ ᠶᠢᠡᠷ ᠶᠢᠡᠨ ᠭᠦᠮᠤᠨ ᠤ ᠪᠠᠶ᠎ᠠ ᠶᠢᠨ ᠭᠡᠮ ᠠᠷᠬᠠᠭ ᠢ ᠠᠷᠢᠯᠭᠠᠵᠤ᠂ ᠦᠯᠦ ᠬᠠᠯᠳᠠᠭᠠᠬᠤ ᠴᠢᠳᠠᠪᠣᠷᠢ ᠶᠢ ᠰᠠᠢ᠌ᠵᠢᠷᠠᠭᠤᠯᠳᠠᠭ ᠪᠠᠢ᠌ᠨ᠎ᠠ᠃ ᠭᠢᠳᠠᠤᠨ ᠡᠮᠨᠡᠯᠭᠡ ᠳᠡᠭᠡᠷ᠎ᠡ 《ᠣᠰᠤ ᠣᠤᠭᠤᠬᠤ ᠵᠠᠰᠠᠯ》 ᠭᠡᠵᠤ ᠪᠠᠢ᠌ᠨ᠎ᠠ᠃ ᠳᠡᠭᠦᠨ ᠳᠤ 《ᠣᠰᠤ ᠶᠢ ᠠᠷᠪᠢᠨ ᠣᠤᠭᠤᠪᠠᠯ ᠡᠰ ᠤᠨ ᠬᠠᠨ᠎ᠠ ᠶᠢᠨ ᠨᠠᠪᠳᠠᠷᠠᠴᠠ ᠶᠢ ᠰᠠᠢ᠌ᠵᠢᠷᠠᠭᠤᠯᠤᠨ ᠡᠯ᠎ᠡ ᠵᠣᠢ᠌ᠯ ᠤᠨ ᠡᠪᠠᠦᠡᠴᠢᠨ ᠠᠶᠠᠠᠳᠠᠭᠠᠨ ᠡᠳᠡᠭᠡᠷᠡᠨ᠎ᠡ》 ᠭᠡᠵᠤ ᠪᠢᠴᠢᠵᠤ ᠪᠣᠢ᠃ ᠡᠩ ᠤᠨ ᠬᠠᠷ᠎ᠠ ᠣᠰᠤᠨ ᠳᠤ ᠳᠠᠢ᠌ᠮᠤ ᠠᠷᠪᠢᠨ ᠠᠰᠢᠭᠳᠠᠢ ᠡᠯᠧᠮᠧᠨ᠋ᠲ᠋ ᠪᠠᠢ᠌ᠬᠤ ᠦᠭᠡᠶ ᠪᠠᠢ᠌ᠳᠠᠯ᠎ᠠ ᠵᠠᠰᠠᠯᠭ᠎ᠠ ᠪᠣᠯᠳᠠᠭ ᠪᠠᠢ᠌ᠬᠤ ᠳᠤ᠂ ᠷᠠᠰᠢᠶᠠᠨ ᠢ ᠨᠠᠩ ᠶᠠᠭᠤᠨ ᠥᠭᠦᠯᠡᠭᠦ ᠠᠵᠢ᠃

ᠮᠤᠩᠭ᠋ᠤᠯ ᠤᠨ ᠥᠡᠳᠦᠷᠯᠢᠭ᠌ ᠤᠨ ᠵᠡᠭᠦᠨ ᠭᠡᠰᠡᠭ᠌ ᠲᠤ ᠭᠦᠯᠤᠨ ᠪᠣᠢ᠌ᠷ ᠤᠨ ᠣᠭᠤᠨᠤ ᠶᠢᠨ ᠷᠠᠰᠢᠶᠠᠨ᠂ ᠡᠷᠢᠶᠡᠨ ᠭᠤᠪᠢ ᠶᠢᠨ ᠭᠦᠢᠯᠡᠰᠦᠳᠡᠢ ᠶᠢᠨ ᠷᠠᠰᠢᠶᠠᠨ᠂ ᠰᠢᠯᠢᠩᠭ᠋ᠤᠤᠯ ᠤᠨ ᠪᠠᠯᠪᠠᠴᠢ ᠶᠢᠨ ᠷᠠᠰᠢᠶᠠᠨ᠂ ᠪᠠᠷᠠᠭᠤᠨ ᠪᠠᠭᠠᠷᠢᠨ ᠤ ᠪᠢᠳᠡᠭᠦᠤ ᠶᠢᠨ ᠷᠠᠰᠢᠶᠠᠨ ᠭᠡᠰᠡᠨ ᠨᠠᠷᠠᠳᠠᠢ ᠳᠦᠷᠪᠡᠨ ᠷᠠᠰᠢᠶᠠᠨ ᠪᠠᠢ᠌ᠵᠤ᠂ ᠳᠦᠭᠦᠮᠴᠢᠯᠡᠭᠡᠤᠨ 《ᠬᠤᠳᠤᠭᠠᠳᠤᠨ ᠷᠠᠰᠢᠶᠠᠨ》 ᠭᠡᠵᠤ ᠨᠡᠷᠡᠯᠡᠳᠡᠭ᠌ ᠪᠣᠯᠪᠠᠴᠤ ᠶᠡᠭᠡᠩᠭᠢ ᠨᠢ ᠳᠠᠪᠤᠨ ᠴᠤᠯᠤ ᠶᠢᠨ ᠡᠪᠠᠦᠡᠴᠢᠨ ᠢ ᠠᠨᠠᠭᠠᠳᠠᠭ ᠠᠵᠠᠢ᠃ ᠭᠠᠵᠠᠷ ᠵᠦᠢ᠌ ᠶᠢᠨ ᠪᠠᠢ᠌ᠷᠢᠯᠠᠯ ᠶᠢᠡᠷ ᠡᠨᠡ ᠳᠦᠷᠪᠡᠨ ᠷᠠᠰᠢᠶᠠᠨ ᠨᠢ ᠳᠠᠯ᠎ᠠ ᠰᠠᠷᠠ ᠰᠢᠭ ᠪᠠᠢ᠌ᠳᠠᠯ ᠲᠡᠶ ᠣᠷᠤᠰᠢᠵᠤ᠂ ᠷᠠᠰᠢᠶᠠᠨ ᠤ ᠰᠢᠠᠵᠢ ᠴᠢᠨᠠᠷ ᠶᠡᠭᠡ ᠲᠦᠯᠦᠪ ᠠᠳᠠᠯᠢ ᠪᠠᠢ᠌ᠳᠠᠭ ᠡᠴᠠ ᠨᠢᠭᠡᠭᠡᠨ ᠰᠤᠳᠠᠯ ᠶᠢᠡᠷ ᠵᠠᠯᠭᠠᠯᠳᠤᠵᠤ ᠪᠠᠢ᠌ᠨ᠎ᠠ ᠭᠡᠯᠴᠡᠳᠡᠭ᠌᠃ ᠪᠠᠯᠪᠠᠴᠢ ᠶᠢᠨ ᠷᠠᠰᠢᠶᠠᠨ ᠤ ᠭᠦᠴᠤ ᠴᠢᠳᠠᠯ ᠣᠭᠤᠨᠤ ᠶᠢᠨ ᠷᠠᠰᠢᠶᠠᠨ ᠲᠡᠶ ᠠᠳᠠᠯᠢ ᠪᠣᠯᠪᠠᠴᠤ᠂ ᠭᠦᠮᠤᠨ ᠲᠦᠷᠦᠯᠭᠢᠳᠠᠨ ᠤ ᠭᠡᠳᠤ ᠣᠳᠠᠭᠠᠨ ᠤ ᠡᠪᠳᠡᠯᠭᠡ ᠡᠴᠠ ᠪᠣᠯᠵᠤ᠂ ᠷᠠᠰᠢᠶᠠᠨ ᠭᠠᠷᠬᠤ ᠭᠡᠮᠵᠢᠶ᠎ᠡ ᠨᠢ ᠣᠭᠤᠨᠤ ᠶᠢᠨ ᠷᠠᠰᠢᠶᠠᠨ ᠤ ᠬᠤᠷᠢᠨ ᠬᠤᠪᠢ ᠶᠢᠨ ᠨᠢᠭᠡ ᠯᠠ ᠭᠢᠷᠢ ᠲᠡᠶ ᠣᠠᠳᠤᠷᠴᠤ ᠪᠣᠢ᠃ ᠡᠷᠢᠶᠡᠨ ᠭᠤᠪᠢ ᠶᠢᠨ ᠭᠦᠢᠯᠡᠰᠦᠳᠡᠢ ᠶᠢᠨ ᠷᠠᠰᠢᠶᠠᠨ ᠨᠢ ᠪᠠᠯᠪᠠᠴᠢ ᠶᠢᠨ ᠭᠢ ᠶᠢ ᠪᠣᠳᠤᠪᠠᠯ ᠭᠦᠴᠢᠯ ᠤᠨ ᠭᠡᠮᠵᠢᠶ᠎ᠡ ᠭᠡᠳᠦᠷᠡᠵᠤ᠂ ᠪᠠᠭ᠎ᠠ ᠯᠠ ᠣᠤᠭᠤᠭᠰᠠᠭᠠᠷ ᠴᠢᠩᠭ᠎ᠠ ᠳᠤᠭᠤᠯᠠᠭᠤᠯᠵᠤ᠂ ᠪᠠᠬᠠᠨ ᠭᠡᠳᠦᠷᠡᠪᠠᠯ ᠭᠡᠳᠡᠰᠤ ᠬᠤᠳᠤᠭᠠᠳᠤᠨ ᠤ ᠭᠢᠯᠭᠠᠰᠤᠨ ᠰᠤᠳᠠᠯ ᠴᠤᠭᠤᠷᠠᠭᠠᠤᠨ ᠴᠢᠰᠤ ᠪᠠᠷ ᠪᠠᠭᠠᠯᠭᠠᠳᠠᠭ ᠪᠠᠢ᠌ᠬᠤ ᠳᠤ᠂ ᠪᠢᠳᠡᠭᠦᠤ ᠶᠢᠨ ᠷᠠᠰᠢᠶᠠᠨ ᠤ ᠭᠦᠴᠢᠯ ᠤᠨ ᠭᠡᠮᠵᠢᠶ᠎ᠡ ᠬᠤᠯᠠ ᠰᠤᠯᠠ ᠪᠠᠢ᠌ᠵᠤ᠂ ᠭᠡᠳᠦᠢ ᠣᠤᠭᠤᠪᠠᠴᠤ ᠳᠤᠭᠤᠯᠠᠭᠤᠯᠬᠤ ᠦᠭᠡᠶ ᠪᠠᠢ᠌ᠳᠠᠭ᠃ ᠭᠡᠳᠡᠯ᠎ᠡ ᠳᠤᠭᠤᠯᠠᠭᠤᠯᠬᠤ ᠪᠣᠯ ᠷᠠᠰᠢᠶᠠᠨ ᠵᠠᠰᠠᠯ ᠤᠨ ᠨᠢᠭᠡ ᠵᠠᠩᠭᠢᠯᠠᠭ᠎ᠠ ᠪᠠᠢ᠌ᠵᠤ᠂ ᠭᠡᠳᠡᠰᠤ ᠬᠤᠳᠤᠭᠠᠳᠤᠨ ᠤ ᠬᠠᠨ᠎ᠠ ᠳᠤ ᠨᠠᠭᠠᠯᠳᠤᠭᠰᠠᠨ ᠭᠦᠡᠳᠤ ᠳᠡᠮᠦᠷᠯᠢᠭ᠌ ᠪᠣᠯᠤᠨ ᠬᠤᠤᠷᠳᠤ ᠪᠣᠳᠠᠰ ᠢ ᠣᠭᠢᠶᠠᠵᠤ ᠬᠠᠶᠠᠭᠠᠤᠨ᠂ ᠭᠦᠮᠤᠨ ᠤ ᠪᠠᠶ᠎ᠠ ᠶᠢᠨ ᠡᠷᠡᠭᠦᠯ ᠡᠰ ᠢ ᠳᠦᠷᠦᠭᠦᠯᠤᠨ ᠡᠪᠠᠦᠡᠴᠢᠨ ᠢ ᠡᠰᠡᠷᠭᠦᠴᠡᠭᠦ ᠴᠢᠳᠠᠪᠣᠷᠢ ᠶᠢ ᠪᠣᠢ ᠪᠣᠯᠭᠠᠳᠠᠭ᠃ ᠳᠠᠭᠠᠭᠤᠯᠡᠷ ᠪᠠᠯᠪᠠᠴᠢ ᠶᠢᠨ ᠷᠠᠰᠢᠶᠠᠨ ᠨᠢ ᠭᠦᠴᠢᠯ ᠱᠦᠯᠲᠦ ᠶᠢᠨ ᠭᠡᠮᠵᠢᠶ᠎ᠡ ᠳᠤᠭᠢᠷᠠᠮᠵᠢᠳᠠᠢ᠂ ᠭᠡᠳᠦᠷᠡᠳᠡᠯ᠎ᠡ ᠣᠤᠭᠤᠯ᠎ᠠ ᠴᠤ ᠳᠤᠭᠤᠯᠠᠭᠤᠯᠬᠤ ᠭᠡᠮᠵᠢᠶ᠎ᠡ ᠪᠠᠷ ᠶᠢᠡᠨ ᠳᠤᠭᠤᠯᠠᠭᠤᠯᠬᠤ ᠡᠴᠠ ᠪᠢᠰᠢ᠂ ᠭᠦᠮᠤᠨ ᠤ ᠪᠠᠶ᠎ᠠ ᠳᠤ ᠬᠤᠤᠷ ᠪᠣᠯᠳᠠᠭ ᠦᠭᠡᠶ᠃ 《ᠳ᠋ᠠᠭᠪᠠ ᠮᠠᠮ᠎ᠠ ᠶᠢᠨ ᠭᠠᠷ ᠳᠡᠮᠳᠡᠭᠯᠡᠯ》 ᠳᠡᠭᠡᠷ᠎ᠡ ᠪᠠᠯᠪᠠᠴᠢ ᠶᠢᠨ ᠷᠠᠰᠢᠶᠠᠨ ᠨᠢ 《ᠭᠦᠯᠦᠰᠤ ᠪᠠᠷ ᠳᠤᠭᠤᠯᠠᠭᠤᠯᠬᠤ ᠪᠣᠯᠤᠨ ᠪᠠᠭᠠᠰᠤ ᠰᠢᠭᠡᠰᠤ ᠪᠠᠷ ᠳᠤᠭᠤᠯᠠᠭᠤᠯᠬᠤ ᠭᠤᠷᠪᠠᠨ ᠳᠤᠭᠤᠯᠠᠪᠣᠷᠢ ᠪᠠᠷ ᠡᠪᠠᠦᠡᠴᠢᠨ ᠵᠠᠰᠠᠳᠠᠭ》 ᠭᠡᠵᠤ ᠪᠢᠴᠢᠵᠤ ᠪᠠᠢ᠌ᠨ᠎ᠠ᠃ ᠭᠦᠯᠦᠷᠡᠭᠦᠯᠵᠤ ᠵᠠᠰᠠᠬᠤ ᠪᠣᠯ ᠡᠮᠴᠢᠯᠭᠡᠨ ᠳᠡᠭᠡᠷ᠎ᠡ ᠥᠷᠭᠦᠯᠵᠢ ᠭᠡᠷᠡᠭᠯᠡᠳᠡᠭ᠌ ᠨᠢᠭᠡ ᠵᠣᠢ᠌ᠯ ᠤᠨ ᠠᠷᠭ᠎ᠠ ᠪᠠᠷᠢᠯ ᠮᠦᠨ ᠪᠦᠭᠡᠤᠨ᠂ ᠳᠠᠭᠰᠢᠭᠤᠷ ᠳᠤᠮᠤᠭᠤ ᠶᠢ ᠪᠦᠷ ᠭᠦᠯᠦᠷᠡᠭᠦᠯᠵᠤ ᠵᠠᠰᠠᠳᠠᠭ ᠪᠢᠯᠠ᠃ ᠳᠤᠭᠤᠯᠠᠭᠤᠯᠬᠤ ᠨᠢ ᠰᠢᠩᠭᠡᠭᠡᠯᠳᠡ ᠶᠢᠨ ᠰᠢᠰᠲ᠋ᠸᠮ ᠤᠨ ᠡᠷᠭᠢᠯᠳᠡ ᠶᠢ ᠰᠠᠢ᠌ᠵᠢᠷᠠᠭᠤᠯᠤᠨ ᠡᠯᠢᠭᠡ᠂ ᠬᠤᠳᠤᠭᠠᠳᠤ᠂ ᠳᠡᠯᠢᠭᠦᠤ᠂ ᠭᠡᠳᠡᠰᠤᠨ ᠤ ᠣᠵᠢᠭ ᠬᠠᠯᠠᠭᠤᠨ ᠢ ᠠᠷᠢᠯᠭᠠᠨ᠂ ᠭᠡᠳᠡᠰᠤᠨ ᠵᠠᠮ ᠤᠨ ᠡᠷᠭᠢᠯᠳᠡ ᠶᠢ ᠰᠢᠯᠤᠭᠤᠤᠠᠬᠠᠬᠤ ᠣᠢ᠌ᠯᠠᠳᠤᠯ ᠲᠡᠶ᠃ ᠭᠦᠮᠤᠨ ᠤ ᠪᠠᠶ᠎ᠠ ᠶᠢᠨ ᠪᠢᠤᠯᠤᠭᠢ ᠴᠤᠭᠴᠠ ᠳᠤ᠂ ᠣᠰᠤ ᠪᠣᠯ 《ᠳᠠᠮᠵᠢᠯᠭᠠᠨ ᠪᠦᠰᠡ》 ᠵᠢᠨ ᠣᠢ᠌ᠯᠠᠳᠤᠯ ᠭᠠᠷᠭᠠᠵᠤ᠂ ᠪᠠᠶ᠎ᠠ ᠳᠤ ᠠᠰᠢᠭᠳᠠᠢ ᠪᠣᠳᠠᠰ ᠢ ᠵᠥᠭᠡᠭᠡᠵᠤ ᠣᠷᠤᠭᠤᠯᠤᠭᠠᠤᠨ ᠬᠠᠶᠠᠭᠳᠠᠮᠠᠯ ᠡᠳ᠋ ᠢ ᠭᠠᠳᠠᠭᠰᠢᠯᠠᠭᠤᠯᠬᠤ ᠴᠢᠬᠤᠯᠠ ᠡᠭᠦᠷᠭᠡ ᠶᠢ ᠭᠦᠢᠴᠤᠨᠭᠡᠵᠤ ᠪᠣᠢ ᠠᠵᠢ᠃ ᠷᠠᠰᠢᠶᠠᠨ ᠣᠤᠭᠤᠬᠤ ᠨᠢ ᠡᠨᠡᠭᠦ 《ᠳᠠᠮᠵᠢᠯᠭᠠᠨ ᠪᠦᠰᠡ》 ᠶᠢᠨ ᠣᠢ᠌ᠯᠠᠳᠤᠯ ᠭᠠᠷᠭᠠᠬᠤ ᠪᠠᠷ ᠪᠠᠷᠠᠬᠤ ᠦᠭᠡᠶ᠂ ᠷᠠᠰᠢᠶᠠᠨ ᠤ ᠡᠷᠦᠳᠡᠰᠤ ᠪᠣᠯᠤᠨ ᠰᠢᠮ᠎ᠠ ᠳᠡᠵᠢᠭᠡᠯᠳᠤ ᠪᠣᠳᠠᠰ ᠶᠢᠡᠨ ᠭᠦᠮᠤᠨ ᠤ ᠪᠠᠶ᠎ᠠ ᠶᠢᠨ ᠡᠯ᠎ᠡ ᠭᠡᠰᠡᠭ᠌ ᠲᠤ ᠭᠦᠷᠭᠡᠵᠤ᠂ ᠪᠦᠭᠦ ᠪᠠᠶ᠎ᠠ ᠳᠠᠪᠤᠨ ᠴᠤᠯᠤ ᠵᠢᠷᠭᠤᠭᠠᠨ ᠰᠠᠪᠠ ᠶᠢᠨ ᠠᠷᠬᠠᠭ ᠢ ᠡᠮᠨᠡᠳᠡᠭ᠌ ᠪᠠᠢ᠌ᠨ᠎ᠠ᠃ ᠡᠭᠦᠨ ᠳᠤ ᠨᠠᠯᠢᠶᠠᠤᠨ ᠭᠦᠡᠳᠤ ᠳᠤᠳᠤᠷ ᠪᠦᠭᠡᠷ᠎ᠡ ᠶᠢᠨ ᠡᠪᠠᠦᠡᠴᠢᠳᠡᠨ ᠷᠠᠰᠢᠶᠠᠨ ᠣᠤᠭᠤᠵᠤ ᠪᠣᠯᠬᠤ ᠦᠭᠡᠶ᠂ ᠠᠷᠤ ᠬᠤᠷᠴᠢᠨ ᠤ ᠨᠢᠭᠡ ᠡᠭᠡᠴᠢ ᠳᠤᠳᠤᠷ ᠪᠦᠭᠡᠷᠡᠨ ᠤ ᠠᠪᠴᠢᠯ ᠣᠯᠤᠭᠠᠤᠨ ᠪᠠᠯᠪᠠᠴᠢ ᠳᠡᠭᠡᠷ᠎ᠡ ᠢᠷᠠᠵᠤ᠂ ᠬᠤᠶᠠᠷ ᠡᠳᠦᠷ ᠷᠠᠰᠢᠶᠠᠨ ᠣᠤᠭᠤᠭᠰᠠᠨ ᠳᠤ ᠪᠦᠭᠦ ᠪᠠᠶ᠎ᠠ ᠨᠢ ᠰᠡᠯᠭᠡᠷᠡᠭᠡᠤᠨ ᠰᠠᠠᠳᠤᠷᠭᠠᠵᠤ᠂ ᠳᠤᠤᠷ᠎ᠠ ᠪᠠᠨ ᠪᠣᠴᠠᠭᠠᠤᠨ ᠡᠮᠨᠡᠯᠭᠡ ᠳᠤ ᠣᠷᠤᠭᠰᠠᠨ ᠪᠠᠢ᠌ᠵᠠᠢ᠃ ᠬᠠᠷ᠎ᠠ ᠪᠦᠭᠡᠷ᠎ᠡ ᠪᠣᠯ ᠭᠦᠮᠤᠨ ᠤ ᠪᠠᠶ᠎ᠠ ᠶᠢᠨ ᠬᠤᠤᠷᠳᠤ ᠡᠳ᠋ ᠶᠢ ᠭᠠᠳᠠᠭᠰᠢᠯᠠᠭᠤᠯᠬᠤ ᠵᠠᠮ ᠳᠡᠭᠡᠷᠡᠭᠢ 《ᠱᠥᠭᠦᠯᠳᠡ》 ᠮᠦᠨ᠂ ᠡᠨᠡᠭᠦ 《ᠱᠥᠭᠦᠯᠳᠡ》 ᠭᠡᠮ ᠭᠠᠷᠪᠠᠯ ᠣᠰᠤ ᠭᠠᠳᠠᠭᠰᠢᠯᠠᠭᠤᠯᠬᠤ ᠵᠠᠮ ᠬᠠᠭᠠᠭᠳᠠᠵᠤ᠂ ᠣᠤᠭᠤᠭᠰᠠᠨ ᠣᠰᠤ ᠪᠠᠶ᠎ᠠ ᠳᠤ ᠬᠤᠷᠠᠮᠳᠤᠨ ᠣᠰᠤᠨ ᠬᠠᠪᠣᠩ ᠪᠣᠯᠬᠤ ᠳᠤ ᠭᠦᠷᠤᠨ᠎ᠡ᠃ ᠳᠠᠭᠠᠭᠤᠯᠡᠷ ᠬᠠᠷ᠎ᠠ ᠪᠦᠭᠡᠷᠡᠨ ᠤ ᠦᠷᠪᠢᠰᠤᠯ ᠣᠯᠤᠭᠰᠠᠤᠨ ᠬᠠᠮᠤᠭ ᠰᠠᠢ᠌ᠨ ᠨᠢ ᠭᠡᠳᠤᠨ ᠡᠳᠦᠷ ᠦᠷᠪᠢᠰᠤᠯ ᠳᠠᠷᠤᠬᠤ ᠡᠮ ᠭᠡᠷᠡᠭᠯᠡᠵᠤ ᠪᠠᠢ᠌ᠭᠠᠤᠨ ᠦᠷᠪᠢᠰᠤᠯ ᠶᠢᠡᠨ ᠨᠠᠮᠳᠠᠭᠤᠯᠤᠭᠰᠠᠨ ᠤ ᠬᠣᠢ᠌ᠨ᠎ᠠ ᠰᠠ‍‌ᠶᠢ ᠷᠠᠰᠢᠶᠠᠨ ᠣᠤᠭᠤᠪᠠᠯ ᠵᠤᠭᠢᠨ᠎ᠠ᠃ ᠷᠠᠰᠢᠶᠠᠨ ᠣᠤᠭᠤᠬᠤ ᠨᠢ ᠪᠠᠶ᠎ᠠ ᠶᠢᠨ ᠣᠰᠤᠨ ᠤ ᠡᠷᠭᠢᠯᠳᠡ ᠶᠢ ᠳᠦᠷᠭᠡᠳᠭᠡᠳᠡᠭ᠌ ᠳᠤᠯᠠ᠂ ᠪᠦᠭᠡᠷᠡᠨ ᠤ ᠳᠠᠷᠤᠭᠠᠰᠤ ᠶᠢ ᠣᠯᠠᠮ ᠭᠦᠡᠳᠦᠷᠡᠭᠦᠯᠳᠡᠭ᠌ ᠪᠣᠯᠬᠤᠷ ᠳᠦᠷᠭᠡᠨ ᠠᠪᠣᠷᠠᠯᠳᠠ ᠶᠢᠨ ᠨᠥᠭᠦᠴᠡᠯ ᠦᠭᠡᠶ ᠪᠣᠢ᠌ᠳᠠ ᠭᠠᠵᠠᠷ ᠭᠢᠴᠢᠶᠠᠪᠠᠰᠤ ᠳᠠᠭᠠᠷᠠᠨ᠎ᠠ᠃

ᠳᠠᠪᠣᠳᠤᠭᠠᠷ ᠪᠦᠯᠦᠭ᠌᠂ ᠮᠠᠠᠳᠤ ᠶᠢᠨ ᠬᠠᠳᠠᠭ ᠷᠠᠰᠢᠶᠠᠨ ᠣᠰᠤ

ᠣᠰᠤ ᠪᠣᠯ ᠭᠦᠮᠤᠨ ᠤ ᠪᠠᠶ᠎ᠠ ᠶᠢᠨ ᠭᠤᠤᠯ ᠪᠦᠷᠢᠯᠳᠦᠭᠦᠨ ᠪᠠᠢ᠌ᠵᠤ᠂ ᠪᠦᠭᠦ ᠪᠠᠶ᠎ᠠ ᠶᠢᠨ 75% ᠵᠢ ᠡᠵᠡᠯᠡᠳᠡᠭ᠌᠃ ᠭᠦᠮᠤᠨ ᠨᠢᠭᠡ ᠭᠠᠷᠢᠭ ᠶᠠᠭᠤᠮ᠎ᠠ ᠢᠳᠡᠭᠦ ᠦᠭᠡᠶ ᠪᠠᠷ ᠳᠠᠰᠴᠤ ᠴᠢᠳᠠᠬᠤ ᠪᠣᠯᠪᠠᠴᠤ᠂ ᠭᠤᠷᠪᠠ ᠬᠤᠨᠤᠭ ᠣᠰᠤ ᠣᠤᠭᠤᠬᠤ ᠦᠭᠡᠶ ᠪᠠᠷ ᠳᠠᠰᠴᠤ ᠴᠢᠳᠠᠬᠤ ᠦᠭᠡᠶ ᠠᠵᠠᠢ᠃ ᠢᠩᠭᠢᠭᠦ ᠳᠤ ᠣᠰᠤ ᠪᠣᠯ ᠠᠮᠢ ᠠᠬᠤᠢ ᠶᠢᠨ ᠣᠷᠤᠰᠢᠨ ᠳᠤᠭᠳᠠᠨᠢᠬᠤ ᠶᠢᠨ ᠭᠤᠤᠯ ᠳᠡᠵᠢᠭᠡᠯ ᠪᠣᠯᠤᠨ᠎ᠡ᠃ ᠭᠦᠮᠤᠨ ᠤ ᠪᠠᠶ᠎ᠠ ᠪᠣᠯ ᠨᠢᠭᠡᠨ ᠳᠤᠮᠤ 《ᠣᠷᠪᠠᠯ ᠤᠨ ᠵᠤᠤᠬ᠎ᠠ》 ᠪᠠᠢ᠌ᠵᠤ᠂ ᠠᠮᠤ ᠭᠦᠨᠡᠰᠤ᠂ ᠣᠰᠤ᠂ ᠭᠡᠢ ᠠᠭᠠᠷ᠂ ᠨᠠᠷᠠᠨ ᠤ ᠭᠡᠷᠡᠯ ᠵᠡᠷᠭᠡ ᠡᠨᠧᠷᠭᠢ ᠶᠢ ᠰᠢᠩᠭᠡᠭᠡᠵᠤ ᠠᠪᠣᠭᠠᠤᠨ ᠮᠠᠬᠠᠪᠣᠤᠨ ᠪᠠᠶ᠎ᠠ ᠳᠤ ᠠᠰᠢᠭᠳᠠᠢ ᠪᠣᠳᠠᠰ ᠪᠣᠯᠭᠠᠨ ᠥᠢᠯᠡᠳᠪᠦᠷᠢᠯᠡᠭᠡᠤᠨ ᠴᠢᠰᠤ ᠪᠠᠷ ᠪᠠᠶ᠎ᠠ ᠶᠢᠨ ᠡᠯ᠎ᠡ ᠭᠡᠰᠡᠭ᠌ ᠲᠤ ᠭᠦᠷᠭᠡᠨ᠎ᠡ᠃ ᠡᠨᠡᠭᠦ ᠰᠢᠮ᠎ᠠ ᠳᠡᠵᠢᠭᠡᠯ ᠢ ᠪᠣᠯᠪᠠᠰᠤᠷᠠᠭᠤᠯᠬᠤ ᠶᠠᠪᠣᠴᠠ ᠳᠤ᠂ ᠡᠰ ᠤᠨ ᠳᠤᠳᠤᠭᠠᠳᠤ ᠳᠤ ᠭᠢᠮᠢ ᠶᠢᠨ ᠣᠷᠪᠠᠯ ᠡᠭᠦᠰᠴᠤ᠂ ᠡᠰ ᠨᠢ ᠵᠠᠳᠠᠷᠠᠨ ᠥᠷᠡᠵᠢᠭᠦ ᠰᠢᠷᠦᠭᠦᠨ ᠭᠦᠳᠡᠯᠭᠡᠭᠡᠨ ᠭᠢᠭ᠍ᠰᠡᠨ ᠡᠴᠠ ᠪᠣᠯᠵᠤ ᠶᠡᠭᠡ ᠭᠡᠮᠵᠢᠶᠡᠨ ᠤ ᠢᠯᠴᠢ ᠶᠢ ᠢᠯᠭᠠᠷᠠᠭᠤᠯᠳᠠᠭ᠃ ᠣᠰᠤ ᠨᠢ ᠡᠨᠡ ᠢᠯᠴᠢ ᠶᠢ ᠪᠠᠶ᠎ᠠ ᠶᠢᠨ ᠡᠯ᠎ᠡ ᠭᠡᠰᠡᠭ᠌ ᠲᠤ ᠭᠦᠷᠭᠡᠵᠤ ᠣᠴᠢᠬᠤ ᠪᠠᠷ ᠪᠠᠷᠠᠬᠤ ᠦᠭᠡᠶ᠂ ᠢᠯᠡᠭᠦᠤ ᠭᠠᠷᠤᠭᠰᠠᠨ ᠢᠯᠴᠢ ᠶᠢ ᠨᠢ ᠠᠷᠠᠰᠤ ᠪᠣᠯᠤᠨ ᠰᠢᠷ᠎ᠠ ᠣᠰᠤᠨ ᠤ ᠰᠦᠪᠠ ᠪᠠᠷ ᠭᠠᠳᠠᠭᠰᠢᠯᠠᠭᠤᠯᠳᠠᠭ ᠠᠵᠢ᠃ ᠡᠨᠡ ᠶᠠᠪᠣᠴᠠ ᠶᠢ ᠪᠢᠳᠠ ᠭᠦᠯᠦᠰᠤ ᠭᠠᠷᠤᠨ᠎ᠠ ᠭᠡᠳᠡᠭ᠌᠃ ᠭᠦᠯᠦᠰᠤ ᠭᠠᠷᠤᠭᠰᠠᠭᠠᠷ ᠪᠠᠶ᠎ᠠ ᠶᠢᠨ ᠬᠠᠯᠠᠭᠤᠨ ᠳᠦᠷᠭᠡᠨ ᠳᠤᠭᠤᠭᠰᠢᠯᠠᠴᠢᠬᠠᠳᠠᠭ ᠪᠠᠢ᠌ᠨ᠎ᠠ᠃ ᠪᠠᠯᠪᠠᠴᠢ ᠶᠢᠨ ᠷᠠᠰᠢᠶᠠᠨ ᠢ ᠣᠤᠭᠤᠬᠤ ᠳᠤ ᠴᠢᠯ ᠭᠦᠢᠳᠡᠨ ᠪᠠᠢ᠌ᠳᠠᠯ᠎ᠠ ᠪᠠᠨ ᠶᠡᠭᠡ ᠭᠦᠯᠦᠰᠤ ᠭᠠᠷᠳᠠᠭ ᠨᠢ ᠷᠠᠰᠢᠶᠠᠨ ᠤ ᠳᠤᠳᠤᠷᠠᠭᠢ ᠰᠢᠮ᠎ᠠ ᠳᠡᠵᠢᠭᠡᠯ ᠲᠡᠶ ᠪᠣᠳᠠᠰ ᠨᠢ ᠡᠰ ᠤᠨ ᠬᠠᠨ᠎ᠠ ᠪᠠᠷ ᠰᠢᠮᠡᠳᠭᠦ ᠳᠡᠭᠡᠨ ᠣᠷᠪᠠᠯ ᠡᠭᠦᠰᠴᠤ ᠶᠡᠭᠡ ᠢᠯᠴᠢ ᠢᠯᠭᠠᠷᠠᠭᠤᠯᠤᠭᠰᠠᠨ ᠡᠴᠠ ᠪᠣᠯᠵᠠᠢ᠃ ᠡᠩ ᠤᠨ ᠭᠦᠢᠳᠡᠨ ᠣᠰᠤ ᠶᠢ ᠣᠤᠭᠤᠪᠠᠯ ᠬᠤᠳᠤᠭᠠᠳᠤ ᠵᠢᠩᠨᠠᠵᠤ ᠭᠡᠳᠡᠰᠤ ᠮᠥᠯᠥᠢᠭᠦ ᠡᠴᠠ ᠪᠢᠰᠢ ᠭᠦᠯᠦᠰᠤ ᠭᠠᠷᠬᠤ ᠦᠭᠡᠶ ᠶᠤᠮ᠃

ᠨᠢᠭᠡ ᠢᠳᠠᠷ ᠨᠠᠰᠤᠨ ᠤ ᠭᠦᠮᠤᠨ᠂ ᠡᠳᠦᠷ ᠰᠦᠨᠢ ᠶᠢᠨ ᠬᠤᠷᠢᠨ ᠳᠦᠷᠪᠡᠨ ᠴᠠᠭ ᠲᠤ ᠳᠠᠪᠤᠨ ᠵᠢᠩ ᠣᠰᠤ ᠢᠯᠭᠠᠷᠠᠭᠤᠯᠤᠨ᠎ᠠ᠃ ᠡᠨᠡ ᠬᠠᠶᠠᠭᠳᠠᠮᠠᠯ ᠣᠰᠤ ᠨᠢ ᠭᠦᠯᠦᠰᠤ᠂ ᠪᠠᠭᠠᠰᠤ᠂ ᠰᠢᠭᠡᠰᠤᠨ ᠤ ᠭᠡᠯᠪᠠᠷᠢ ᠪᠠᠷ ᠭᠦᠮᠤᠨ ᠤ ᠪᠠᠶ᠎ᠠ ᠶᠢᠨ ᠬᠠᠶᠠᠭᠳᠠᠮᠠᠯ ᠪᠣᠳᠠᠰ ᠢ ᠵᠥᠭᠡᠭᠡᠵᠤ ᠭᠠᠷᠭᠠᠳᠠᠭ ᠶᠤᠮ᠃ ᠭᠦᠮᠤᠨ ᠨᠢᠭᠡ ᠡᠷᠡᠨ ᠤ ᠭᠤᠷᠪᠠᠨ ᠴᠠᠭ ᠤᠨ ᠬᠤᠭᠤᠯᠠᠨ ᠳᠤ ᠵᠤᠭᠢᠬᠤ ᠭᠡᠮᠵᠢᠶᠡᠨ ᠤ ᠣᠰᠤ ᠢᠳᠠᠵᠤ ᠣᠷᠤᠭᠤᠯᠬᠤ ᠡᠴᠠ ᠭᠠᠳᠠᠨ᠎ᠠ᠂ ᠶᠡᠭᠡ ᠭᠡᠮᠵᠢᠶᠡᠨ ᠤ ᠣᠰᠤ ᠨᠥᠭᠦᠵᠤ ᠣᠷᠤᠭᠤᠯᠬᠤ ᠶᠢ ᠱᠠᠭᠠᠷᠳᠠᠵᠤ ᠣᠮᠳᠠᠭᠠᠰᠤᠬᠤ ᠳᠦᠷᠦᠭ᠍ᠳᠡᠯ ᠥᠭ᠍ᠳᠡᠭ᠌᠃ ᠳᠡᠭᠡᠭᠦ ᠳᠤ᠂ ᠶᠡᠭᠡ ᠭᠦᠮᠤᠨ ᠡᠳᠦᠷ ᠪᠦᠷᠢ ᠠᠳᠠᠭ ᠪᠠᠭ᠎ᠠ ᠳᠠᠭᠠᠨ ᠳᠠᠪᠤᠨ ᠵᠢᠩ ᠣᠰᠤ ᠣᠤᠭᠤᠪᠠᠯ ᠰᠠ‍‌ᠶᠢ ᠭᠠᠳᠠᠭᠰᠢᠯᠠᠭᠤᠯᠤᠭᠰᠠᠨ ᠣᠰᠤ ᠪᠠᠨ ᠨᠥᠭᠦᠵᠤ ᠴᠢᠳᠠᠨ᠎ᠠ᠃ ᠭᠡᠳᠡᠯ᠎ᠡ ᠷᠠᠰᠢᠶᠠᠨ ᠪᠣᠯ ᠭᠦᠮᠤᠨ ᠤ ᠪᠠᠶ᠎ᠠ ᠶᠢᠨ ᠨᠡᠪᠴᠢᠭᠦᠯᠵᠤ ᠱᠥᠭᠦᠷᠡᠭᠦᠯᠭᠦ ᠠᠵᠢᠯᠯᠠᠭ᠎ᠠ ᠶᠢ ᠳᠦᠷᠭᠡᠳᠭᠡᠳᠡᠭ᠌ ᠪᠣᠯᠬᠤᠷ ᠡᠩ ᠤᠨ ᠣᠰᠤ ᠣᠤᠭᠤᠬᠤ ᠭᠡᠮᠵᠢᠶ᠎ᠡ ᠡᠴᠠ ᠪᠠᠨ ᠬᠤᠪᠢ ᠳᠠᠭᠢᠨ ᠶᠢᠡᠷ ᠣᠤᠭᠤᠪᠠᠯ ᠰᠠ‍‌ᠶᠢ ᠪᠠᠶ᠎ᠠ ᠶᠢᠨ ᠳᠡᠩᠴᠡᠭᠦᠷᠢ ᠶᠢ ᠪᠠᠳᠤᠯᠠᠵᠤ ᠴᠢᠳᠠᠳᠠᠭ᠃ ᠣᠰᠤ ᠪᠣᠯ ᠡᠰ ᠤᠨ ᠭᠤᠤᠯ ᠪᠦᠷᠢᠯᠳᠦᠭᠦᠨ ᠪᠣᠯᠬᠤᠷ ᠪᠠᠶ᠎ᠠ ᠶᠢᠨ ᠰᠢᠩᠭᠡᠨ ᠤ ᠳᠠᠮᠵᠢᠭᠤᠯᠤᠭᠴᠢ ᠪᠠᠢ᠌ᠵᠤ᠂ ᠭᠦᠮᠤᠨ ᠤ ᠪᠠᠶ᠎ᠠ ᠳᠤ ᠭᠡᠷᠡᠭ᠍ᠰᠡᠭᠦ ᠠᠯᠢᠪᠠ ᠰᠢᠮ᠎ᠠ ᠳᠡᠵᠢᠭᠡᠯ ᠢ 《ᠵᠥᠭᠡᠭᠡᠪᠦᠷᠢᠯᠡᠵᠤ》 ᠪᠠᠶ᠎ᠠ ᠶᠢᠨ ᠡᠯ᠎ᠡ ᠭᠡᠰᠡᠭ᠌ ᠲᠤ ᠭᠦᠷᠭᠡᠵᠤ ᠪᠠᠢ᠌ᠳᠠᠭ ᠶᠢᠡᠷ᠂ ᠣᠰᠤ ᠳᠤᠳᠠᠪᠠᠯ ᠠᠯᠢᠪᠠ ᠰᠢᠨ᠎ᠠ ᠬᠠᠭᠤᠴᠢᠨ ᠤ ᠰᠤᠯᠢᠯᠴᠠᠭ᠎ᠠ ᠪᠦᠷ ᠵᠤᠭᠰᠤᠩᠭ᠋ᠣᠢ᠌ᠷᠠᠬᠤ ᠳᠤ ᠭᠦᠷᠤᠨ᠎ᠡ᠃ ᠳᠠᠭᠠᠭᠤᠯᠡᠷ ᠷᠠᠰᠢᠶᠠᠯᠠᠭᠴᠢᠳ ᠣᠤᠭᠤᠬᠤ ᠭᠡᠮᠵᠢᠶ᠎ᠡ ᠪᠠᠨ ᠡᠳᠦᠷ ᠪᠦᠷᠢ ᠨᠢ᠋ᠮᠠᠨ ᠵᠢᠩ ᠡᠴᠠ ᠳᠡᠭᠡᠭ᠍ᠰᠢ ᠪᠠᠢ᠌ᠯᠭᠠᠵᠤ᠂ ᠂ ᠳᠤᠳᠤᠷ ᠪᠦᠭᠡᠷᠡᠨ ᠤ ᠡᠪᠠᠦᠡᠴᠢᠳᠡᠨ ᠪᠣᠯᠤᠨ ᠰᠢᠭᠡᠰᠤᠨ ᠵᠠᠮ ᠤᠨ ᠦᠷᠪᠢᠰᠤᠯ ᠲᠡᠶ ᠭᠦᠮᠦᠰ ᠳᠠᠪᠣ᠂ ᠵᠢᠷᠭᠤᠭᠠᠨ ᠵᠢᠩ ᠤᠨ ᠲᠦᠯᠦᠪ ᠶᠢᠡᠷ ᠣᠤᠭᠤᠪᠠᠯ ᠪᠣᠯᠴᠢᠬᠠᠨ᠎ᠠ᠃ ᠷᠠᠰᠢᠶᠠᠨ ᠢ ᠵᠠᠪᠠᠯ ᠠᠷᠪᠢᠨ ᠣᠤᠭᠤᠪᠠᠯ ᠰᠠ‍‌ᠶᠢ ᠪᠣᠯᠤᠨ᠎ᠠ ᠭᠡᠰᠡᠨ ᠭᠡᠷᠡᠭ᠌ ᠪᠢᠰᠢ᠂ ᠪᠠᠶ᠎ᠠ ᠶᠢᠨ ᠪᠠᠢ᠌ᠳᠠᠯ ᠶᠢᠡᠨ ᠦᠨᠳᠦᠰᠦᠯᠠᠵᠤ᠂ ᠭᠡᠳᠦᠷᠡᠭᠦᠯᠭᠦ ᠦᠭᠡᠶ ᠪᠠᠷ ᠣᠤᠭᠤᠪᠠᠯ ᠰᠠᠢ᠌ᠨ᠃

ᠠᠩᠬᠠᠷᠤᠭᠤᠰᠢᠳᠠᠢ ᠨᠢ᠂ ᠷᠠᠰᠢᠶᠠᠨ ᠣᠤᠭᠤᠵᠤ ᠪᠦᠭᠦᠢ ᠬᠤᠭᠤᠴᠠᠭᠠᠨ ᠳᠤ ᠴᠢᠳᠠᠬᠤ ᠶᠢᠨ ᠭᠢᠷᠢ ᠪᠠᠷ ᠶᠠᠮᠠᠷᠴᠤ ᠡᠮ ᠣᠤᠭᠤᠬᠤ ᠦᠭᠡᠶ ᠪᠣᠯ ᠰᠠᠢ᠌ᠨ᠃ ᠶᠠᠭ ᠣᠤᠭᠤᠬᠤ ᠦᠭᠡᠶ ᠪᠣᠯ ᠪᠣᠯᠬᠤ ᠦᠭᠡᠶ ᠡᠮ ᠢ ᠷᠠᠰᠢᠶᠠᠨ ᠣᠤᠭᠤᠭᠰᠠᠨ ᠤ ᠰᠡᠭᠦᠯᠡᠷ ᠨᠢᠭᠡ ᠴᠠᠭ ᠤᠨ ᠳᠠᠷᠠᠭ᠎ᠠ ᠣᠤᠭᠤᠵᠤ ᠪᠣᠯᠤᠨ᠎ᠠ᠃ ᠳᠡᠭᠡᠭᠡᠤᠨ ᠡᠮ ᠢ ᠭᠦᠢᠴᠡᠳ ᠰᠢᠩᠭᠡᠭᠡᠭ᠍ᠰᠡᠨ ᠤ ᠳᠠᠷᠠᠭ᠎ᠠ (ᠶᠡᠭᠡ ᠲᠦᠯᠦᠪ ᠭᠤᠷᠪᠠᠨ ᠴᠠᠭ ᠤᠨ ᠳᠠᠷᠠᠭ᠎ᠠ) ᠰᠠ‍‌ᠶᠢ ᠷᠠᠰᠢᠶᠠᠨ ᠣᠤᠭᠤᠵᠤ ᠪᠣᠯᠤᠨ᠎ᠠ᠃ ᠷᠠᠰᠢᠶᠠᠨ ᠤ ᠳᠤᠳᠤᠷᠠᠭᠢ ᠣᠯᠠᠨ ᠲᠦᠷᠦᠯ ᠤᠨ ᠡᠷᠦᠳᠡᠰᠤ ᠨᠢ ᠳᠡᠮᠦᠷᠯᠢᠭ᠌ ᠰᠠᠪᠠ ᠲᠡᠶ ᠴᠤ ᠣᠷᠪᠠᠯ ᠡᠭᠦᠰᠳᠡᠭ᠌ ᠪᠠᠢ᠌ᠳᠠᠯ᠎ᠠ ᠪᠠᠨ ᠡᠯᠳᠡᠪ ᠵᠣᠢ᠌ᠯ ᠤᠨ ᠬᠤᠤᠷ ᠶᠢᠡᠷ ᠪᠦᠳᠦᠭ᠍ᠰᠡᠨ ᠡᠮ ᠲᠡᠶ ᠣᠷᠪᠠᠯᠳᠠᠬᠤ ᠦᠭᠡᠶ ᠭᠡᠰᠡᠨ ᠶᠤᠰᠤ ᠦᠭᠡᠶ᠃ ᠳᠡᠭᠡᠭᠦ ᠳᠡᠭᠡᠨ ᠡᠮ ᠤᠨ ᠨᠠᠢ᠌ᠷᠠᠯᠭ᠎ᠠ ᠶᠢ ᠵᠠᠳᠠᠷᠠᠭᠤᠯᠤᠭᠠᠤᠨ ᠬᠤᠤᠷᠳᠤ ᠪᠣᠳᠠᠰ ᠪᠣᠯᠭᠠᠵᠤ᠂ ᠭᠦᠮᠤᠨ ᠢ ᠬᠤᠤᠷᠳᠠᠭᠤᠯᠬᠤ ᠡᠰᠡᠷᠭᠦ ᠣᠢ᠌ᠯᠠᠳᠤᠯ ᠭᠠᠷᠭᠠᠬᠤ ᠡᠴᠠ ᠭᠢᠴᠢᠶᠡᠭᠦ ᠭᠡᠷᠡᠭ᠍ᠳᠡᠢ᠃ ᠬᠤᠳᠤᠭᠠᠳᠤᠨ ᠤ ᠡᠮ ᠶᠢᠡᠷ ᠵᠢᠱᠢᠶᠡᠯᠡᠭᠦ ᠳᠤ᠂ ᠳᠠᠷᠠ ᠨᠢ ᠬᠤᠳᠤᠭᠠᠳᠤᠨ ᠤ ᠭᠦᠴᠢᠯ ᠢ ᠰᠠᠭᠠᠷᠮᠠᠭᠵᠢᠭᠤᠯᠬᠤ ᠣᠢ᠌ᠯᠠᠳᠤᠯ ᠲᠡᠶ ᠪᠣᠯᠬᠤᠷ᠂ ᠷᠠᠰᠢᠶᠠᠨ ᠲᠡᠶ ᠬᠠᠪᠰᠤᠷᠭᠠᠨ ᠣᠤᠭᠤᠭᠰᠠᠭᠠᠷ ᠡᠮ ᠨᠢ ᠰᠠᠭᠠᠷᠮᠠᠭᠵᠢᠭᠠᠤᠨ ᠶᠠᠮᠠᠷᠴᠤ ᠭᠡᠷᠡᠭ᠌ ᠦᠭᠡᠶ ᠶᠠᠭᠤᠮ᠎ᠠ ᠪᠣᠯᠳᠠᠭ᠃ ᠢᠩᠭᠢᠭᠦᠯᠡᠷ ᠬᠤᠳᠤᠭᠠᠳᠤᠨ ᠤ ᠡᠮ ᠢ ᠷᠠᠰᠢᠶᠠᠨ ᠲᠡᠶ ᠬᠠᠮᠳᠤ ᠣᠤᠭᠤᠵᠤ ᠪᠣᠯᠬᠤ ᠦᠭᠡᠶ᠃ ᠳᠡᠭᠡᠭᠦ ᠳᠡᠭᠡᠨ ᠭᠦᠴᠢᠯ ᠶᠡᠭᠡᠳᠡᠢ ᠡᠮ ᠢ ᠣᠤᠭᠤᠪᠠᠯ ᠷᠠᠰᠢᠶᠠᠨ ᠤ ᠭᠦᠴᠢᠯ ᠲᠡᠶ ᠨᠠᠢ᠌ᠯᠵᠤ ᠴᠢᠩᠭ᠎ᠠ ᠭᠦᠴᠢᠯ ᠬᠤᠪᠢᠷᠠᠭᠠᠤᠨ ᠬᠤᠳᠤᠭᠠᠳᠤ ᠭᠡᠳᠡᠰᠤᠨ ᠤ ᠬᠠᠨ᠎ᠠ ᠶᠢ ᠰᠢᠳᠠᠭᠠᠵᠤ᠂ ᠳᠤᠳᠤᠷ ᠬᠠᠨ᠎ᠠ ᠶᠢᠨ ᠭᠢᠯᠭᠠᠰᠤᠨ ᠰᠤᠳᠠᠯ ᠢ ᠭᠡᠮᠳᠦᠭᠡᠨ ᠴᠢᠰᠤ ᠪᠠᠷ ᠪᠠᠭᠠᠯᠭᠠᠵᠤ᠂ ᠠᠮᠢ ᠨᠠᠰᠤᠨ ᠤ ᠠᠶᠤᠯ ᠳᠤ ᠭᠦᠷᠭᠡᠳᠡᠭ᠌ ᠪᠠᠢ᠌ᠨ᠎ᠠ᠃

ᠷᠠᠰᠢᠶᠠᠨ ᠪᠣᠯ ᠴᠤᠯ ᠪᠠᠢ᠌ᠭᠠᠯᠢᠯᠢᠭ ᠵᠠᠰᠠᠯ ᠪᠣᠯᠬᠤᠷ ᠮᠤᠩᠭ᠋ᠤᠯ ᠤᠨ ᠥᠡᠳᠦᠷᠯᠢᠭ᠌ ᠤᠨ ᠨᠠᠯᠠᠭᠠᠷ ᠨᠠᠷᠠᠨ ᠳᠤ ᠪᠠᠶ᠎ᠠ ᠪᠠᠨ ᠡᠭᠡᠭᠡᠵᠤ᠂ ᠠᠭᠢ ᠳᠠᠭᠠᠨ᠎ᠠ ᠠᠩᠭᠢᠯᠤᠭᠰᠠᠨ ᠴᠢᠭᠢᠭᠯᠢᠭ᠌ ᠠᠭᠤᠷ ᠠᠮᠢᠰᠬᠤᠯ ᠳ᠋ᠤᠨᠢ ᠠᠭᠤᠰᠭᠢ ᠵᠢᠷᠦᠭᠡ ᠪᠠᠨ ᠳᠠᠢ᠌ᠪᠣᠰᠢᠷᠠᠭᠤᠯᠵᠤ᠂ ᠮᠢᠩᠭ᠋ᠠᠨ ᠪᠠᠷ᠎ᠠ ᠶᠢᠨ ᠠᠯᠤᠰ ᠤᠨ ᠵᠡᠷᠭᠡᠯᠭᠡᠨ ᠳᠤ ᠬᠠᠷᠠᠭ᠎ᠠ ᠪᠠᠨ ᠪᠠᠶᠠᠰᠬᠠᠨ᠂ ᠡᠩᠭᠡ ᠶᠢᠨ ᠳᠠᠩᠭ᠋ᠠᠷᠢᠭ ᠲᠡᠶ ᠠᠷᠢᠭᠤᠨ ᠷᠠᠰᠢᠶᠠᠨ ᠶᠢᠡᠨ ᠰᠢᠮᠡᠭᠡᠤᠨ ᠰᠠᠭᠤᠪᠠᠯ ᠠᠯᠢᠪᠠ ᠪᠠᠶ᠎ᠠ ᠰᠠᠤᠠᠭᠢᠯ ᠤᠨ ᠭᠡᠮ ᠠᠷᠬᠠᠭ ᠪᠦᠭᠦᠨ ᠶᠢᠡᠷ ᠶᠢᠡᠨ ᠠᠷᠢᠯᠬᠤ ᠯᠠ ᠶᠤᠰᠤᠳᠠᠢ᠃ ᠵᠠᠪᠠᠯ ᠡᠮ ᠬᠠᠪᠰᠤᠷᠠᠭᠠᠬᠤ ᠶᠢᠨ ᠠᠯᠪᠠ ᠲᠡᠶ ᠭᠡᠵᠤ ᠭᠡᠨ ᠭᠡᠯᠡᠪᠡ︖

ᠵᠢᠷᠭᠤᠳᠤᠭᠠᠷ ᠪᠦᠯᠦᠭ᠌᠂ ᠦᠮᠠᠨ ᠢ ᠢᠯᠠᠭᠴᠢ ᠭᠠᠪᠰᠢᠭᠠᠢ ᠪᠠᠭᠠᠳᠤᠷ

ᠷᠠᠰᠢᠶᠠᠨ ᠨᠢ ᠴᠠᠪᠠᠷ ᠪᠠᠢ᠌ᠭᠠᠯᠢᠯᠢᠭ ᠵᠠᠰᠠᠯ ᠪᠣᠯᠤᠭᠰᠠᠨ ᠤ ᠬᠤᠪᠢ ᠳᠤ᠂ ᠭᠦᠮᠤᠨ ᠤ ᠪᠠᠶ᠎ᠠ ᠶᠢᠨ ᠡᠯ᠎ᠡ ᠡᠷᠭᠢᠯᠳᠡ ᠶᠢᠨ ᠰᠢᠰᠲ᠋ᠸᠮ ᠢ ᠰᠠᠢ᠌ᠵᠢᠷᠠᠭᠤᠯᠤᠨ ᠦᠯᠦ ᠬᠠᠯᠳᠠᠭᠠᠬᠤ ᠴᠢᠳᠠᠪᠣᠷᠢ ᠶᠢ ᠴᠢᠩᠭ᠋ᠠᠷᠠᠭᠤᠯᠳᠠᠭ ᠪᠠᠷ ᠪᠠᠷᠠᠬᠤ ᠦᠭᠡᠶ᠂ ᠡᠪᠠᠦᠡᠴᠢᠨ ᠢ ᠡᠰᠡᠷᠭᠦᠴᠡᠭᠦ ᠪᠠᠶ᠎ᠠ ᠶᠢᠨ ᠴᠢᠳᠠᠪᠭᠢ ᠶᠢ ᠨᠡᠮᠡᠭ᠍ᠳᠡᠭᠦᠯᠳᠡᠭ᠌ ᠳᠤᠯᠠ ᠣᠯᠠᠨ ᠵᠣᠢ᠌ᠯ ᠤᠨ ᠡᠪᠠᠦᠡᠴᠢᠨ ᠳᠤ ᠪᠦᠷ ᠳᠤᠰᠠᠯᠠᠨ᠎ᠠ᠃ ᠡᠭᠦᠨ ᠢ ᠠᠭᠸᠠᠩᠳᠠᠮᠫᠢᠯ ᠭᠦᠦᠰᠢ ᠶᠢᠨ 《ᠪᠠᠯᠪᠠᠴᠢ ᠶᠢᠨ ᠷᠠᠰᠢᠶᠠᠨ ᠤ ᠰᠠᠩ ᠤᠨ ᠰᠤᠳᠤᠷ》 ᠲᠠᠭᠠᠨ ᠳᠣᠢ᠌ᠮᠤᠴᠢᠯᠠᠨ ᠶᠠᠷᠢᠭᠰᠠᠨ ᠪᠠᠢ᠌ᠵᠠᠢ᠃ ᠳᠡᠭᠡᠯ᠎ᠡ ᠴᠤ ᠡᠪᠠᠦᠡᠴᠢᠨ ᠤ ᠬᠤᠤᠷ᠂ ᠸᠢᠷᠦ᠋ᠰ᠂ ᠪᠠᠺᠲ᠋ᠸᠷᠢ ᠡᠴᠠ ᠬᠠᠯᠳᠠᠪᠣᠷᠢᠯᠠᠭᠰᠠᠨ ᠳᠦᠷᠭᠡᠨ ᠴᠢᠨᠠᠷᠳᠠᠢ ᠦᠷᠪᠢᠰᠤᠯᠳᠤ ᠡᠪᠠᠦᠡᠴᠢᠨ ᠳᠤ ᠬᠠᠷᠢᠨ ᠳᠤᠰᠠᠯᠠᠬᠤ ᠪᠠᠷ ᠠᠨᠠᠢ ᠪᠠᠢ᠌ᠳᠠᠭ᠃ ᠵᠢᠱᠢᠶᠠᠯᠠᠪᠠᠯ᠂ ᠬᠠᠯᠳᠠᠪᠣᠷᠢᠳᠤ ᠳᠠᠭᠰᠢᠭᠤᠷ᠂ ᠳᠦᠷᠭᠡᠨ ᠴᠢᠨᠠᠷᠳᠠᠢ ᠬᠤᠳᠤᠭᠠᠳᠤ ᠭᠡᠳᠡᠰᠤᠨ ᠤ ᠦᠷᠪᠢᠰᠤᠯ᠂ ᠮᠤᠬᠤᠷ ᠣᠯᠤᠭᠠᠢ ᠶᠢᠨ ᠦᠷᠪᠢᠰᠤᠯ᠂ ᠳᠠᠷᠢᠭᠢᠨ ᠬᠠᠯᠢᠰᠤᠨ ᠤ ᠦᠷᠪᠢᠰᠤᠯ᠂ ᠠᠭᠤᠰᠭᠢᠨ ᠤ ᠦᠷᠪᠢᠰᠤᠯ᠂ ᠵᠢᠷᠦᠭᠡᠨ ᠪᠣᠯᠴᠢᠩ ᠤᠨ ᠦᠷᠪᠢᠰᠤᠯ ᠵᠡᠷᠭᠡ ᠡᠪᠠᠦᠡᠴᠢᠨ ᠳᠤ ᠳᠤᠰᠠᠯᠠᠬᠤ ᠨᠢ ᠣᠳᠠᠭᠠᠨ ᠳᠤᠯᠠ ᠵᠠᠪᠠᠯ ᠧᠥᠷᠦᠫᠡ ᠡᠮ ᠶᠢᠡᠷ ᠦᠷᠪᠢᠰᠤᠯ ᠢ ᠳᠠᠷᠤᠭᠰᠠᠨ ᠤ ᠬᠣᠢ᠌ᠨ᠎ᠠ ᠰᠠ‍‌ᠶᠢ ᠷᠠᠰᠢᠶᠠᠨ ᠰᠤᠪᠢᠯᠠᠯᠳᠠ ᠭᠢᠪᠠᠯ ᠵᠤᠭᠢᠨ᠎ᠠ᠃ ᠳᠡᠯᠡᠭᠡᠢ ᠳᠡᠭᠡᠷ᠎ᠡ ᠳᠡᠭᠦᠰ ᠴᠢᠳᠠᠪᠣᠷᠢᠳᠠᠢ ᠷᠠᠰᠢᠶᠠᠨ ᠭᠡᠵᠤ ᠪᠠᠢ᠌ᠳᠠᠭ ᠦᠭᠡᠶ ᠳᠤᠯᠠ᠂ ᠵᠥᠪᠭᠡᠨ ᠵᠠᠰᠠᠯ ᠤᠨ ᠭᠡᠪᠴᠢᠶᠡᠨ ᠳᠤᠳᠤᠷ᠎ᠠ ᠨᠢ ᠵᠤᠭᠢᠴᠠᠭᠤᠯᠤᠨ ᠭᠡᠷᠡᠭᠯᠡᠪᠠᠯ ᠰᠠ‍‌ᠶᠢ ᠦᠷ᠎ᠡ ᠳ᠋ᠦ᠋ᠩ ᠶᠢᠡᠷ ᠰᠠᠢ᠌ᠨ ᠠᠵᠢ᠃

ᠪᠠᠯᠪᠠᠴᠢ ᠶᠢᠨ ᠷᠠᠰᠢᠶᠠᠨ ᠶᠢᠡᠷ ᠠᠪᠴᠤ ᠥᠵᠡᠭᠦ ᠳᠤ᠂ ᠳᠦᠷᠭᠡᠨ ᠴᠢᠨᠠᠷᠳᠠᠢ ᠦᠷᠪᠢᠰᠤᠯ ᠳᠤ ᠠᠨᠠᠢ ᠪᠣᠯᠪᠠᠴᠤ ᠣᠳᠠᠭᠠᠨ ᠴᠢᠨᠠᠷᠳᠠᠢ ᠦᠷᠪᠢᠰᠤᠯ ᠪᠣᠯᠤᠨ ᠰᠦᠷᠢᠶ᠎ᠠ ᠡᠪᠠᠦᠡᠴᠢᠨ ᠳᠤ ᠣᠢ᠌ᠯᠠᠳᠤᠯ ᠶᠢᠡᠷ ᠰᠠᠢ᠌ᠨ᠃ ᠣᠳᠠᠭᠠᠨ ᠴᠢᠨᠠᠷᠳᠠᠢ ᠡᠯᠢᠭᠡᠨ ᠦᠷᠪᠢᠰᠤᠯ ᠶᠢᠡᠷ ᠥᠵᠡᠭᠦ ᠳᠤ᠂ ᠳᠠᠷᠠ ᠨᠢ ᠬᠠᠮᠤᠭ ᠤᠨ ᠵᠢᠭ᠍ᠰᠢᠮᠦᠷᠢ ᠲᠡᠶ ᠡᠪᠠᠦᠡᠴᠢᠨ ᠪᠠᠢ᠌ᠵᠤ᠂ ᠭᠢᠷᠢ ᠪᠠᠷᠤᠭ ᠤᠨ ᠡᠮ ᠭᠡᠷᠡᠭᠯᠡᠭᠡᠤᠨ ᠦᠨᠳᠦᠰᠦ ᠨᠢ ᠳᠠᠰᠤᠷᠠᠳᠠᠭ ᠦᠭᠡᠶ ᠪᠠᠷ ᠪᠠᠷᠠᠬᠤ ᠦᠭᠡᠶ᠂ ᠡᠯᠢᠭᠡᠨ ᠤ ᠬᠠᠳᠠᠭᠤᠷᠠᠯ ᠪᠣᠶᠤ ᠡᠯᠢᠭᠡᠨ ᠤ ᠦᠮᠠᠨ ᠳᠤ ᠰᠠᠭᠤᠷᠢ ᠳᠠᠯᠪᠢᠳᠠᠭ ᠡᠪᠠᠦᠡᠴᠢᠨ ᠮᠦᠨ᠃ ᠳᠡᠭᠡᠭᠦ ᠳᠤ ᠪᠠᠯᠪᠠᠴᠢ ᠶᠢᠨ ᠷᠠᠰᠢᠶᠠᠨ ᠢ ᠣᠤᠭᠤᠭᠠᠤᠨ ᠪᠦᠷᠢᠮᠦᠰᠤᠨ ᠡᠳᠡᠭᠡᠷᠡᠭ᠍ᠰᠡᠨ ᠵᠢᠱᠢᠶ᠎ᠠ ᠣᠯᠠᠨ ᠭᠠᠷᠪᠠ᠃ ᠡᠢ᠌ᠮᠤ ᠡᠪᠠᠦᠡᠴᠢᠨ ᠳᠤ ᠳᠠᠪᠤᠨ ᠴᠤᠯᠤ ᠶᠢᠨ ᠷᠠᠰᠢᠶᠠᠨ ᠢ ᠬᠤᠷᠢᠨ ᠨᠢᠭᠡ ᠬᠤᠨᠤᠭ ᠣᠤᠭᠤᠵᠤ᠂ ᠮᠢᠬ᠎ᠠ ᠳᠤᠰᠤ ᠣᠢ᠌ᠷᠠᠳᠤᠬᠤ ᠦᠭᠡᠶ ᠪᠠᠷ ᠵᠠᠭᠤᠨ ᠬᠤᠨᠤᠭ ᠰᠠᠢ᠌ᠨ ᠴᠡᠭᠡᠷᠯᠡᠭᠦ ᠭᠡᠷᠡᠭ᠍ᠳᠡᠢ ᠃ ᠠᠭᠤᠰᠭᠢᠨ ᠰᠦᠷᠢᠶ᠎ᠠ᠂ ᠶᠠᠰᠤᠨ ᠤ ᠰᠦᠷᠢᠶ᠎ᠠ ᠡᠪᠠᠦᠡᠴᠢᠨ ᠳᠤ ᠣᠤᠭᠤᠵᠤ ᠣᠷᠤᠬᠤ ᠶᠢ ᠬᠤᠤᠰᠯᠠᠭᠤᠯᠤᠭᠠᠤᠨ ᠮᠠᠰᠢ ᠰᠠᠢ᠌ᠨ ᠡᠮᠴᠢᠯᠭᠡᠨ ᠤ ᠳ᠋ᠦ᠋ᠩ ᠭᠠᠷᠤᠭᠰᠠᠨ ᠵᠢᠱᠢᠶ᠎ᠠ ᠠᠷᠪᠢᠨ ᠪᠠᠢ᠌ᠨ᠎ᠠ᠃

ᠰᠢᠩᠭᠡᠭᠡᠯᠳᠡ ᠶᠢᠨ ᠵᠠᠮ ᠤᠨ ᠦᠮᠠᠨ ᠶᠢᠡᠷ ᠠᠪᠴᠤ ᠭᠡᠯᠡᠪᠠᠯ ᠳᠠᠷᠠ ᠨᠢ ᠳᠡᠯᠡᠭᠡᠢ ᠶᠢᠨ ᠡᠮᠨᠡᠯᠭᠡ ᠶᠢᠨ ᠰᠤᠳᠤᠯᠭᠠᠨ ᠤ ᠭᠢᠨ ᠢ ᠪᠠᠷᠭᠡᠳᠡᠭᠦᠯᠦᠭ᠍ᠰᠡᠨ ᠭᠦᠴᠢᠷᠳᠡᠢ ᠰᠠᠳᠤᠪ ᠪᠣᠯᠤᠨ᠎ᠠ᠃ ᠭᠦᠮᠤᠨ ᠤ ᠪᠠᠶ᠎ᠠ ᠶᠢᠨ ᠡᠰ ᠤᠨ ᠪᠣᠢ᠌ᠵᠢᠵᠤ ᠥᠷᠡᠵᠢᠭᠦ ᠨᠢ ᠲᠦᠪ ᠮᠠᠳᠠᠷᠠᠯ ᠪᠠ ᠳᠤᠳᠤᠭᠠᠳᠤ ᠱᠥᠭᠦᠷᠯᠡᠯ ᠳᠤ ᠵᠠᠭᠢᠷᠤᠭᠳᠠᠳᠠᠭ᠃ ᠭᠦᠮᠤᠨ ᠡᠳᠦᠷ ᠰᠦᠨᠢ ᠶᠢᠨ ᠬᠤᠷᠢᠨ ᠳᠦᠷᠪᠡᠨ ᠴᠠᠭ ᠲᠤ ᠭᠡᠳᠤᠨ ᠵᠠᠭᠤᠨ ᠲᠦᠮᠡᠨ ᠰᠢᠨ᠎ᠡ ᠡᠰ ᠳᠦᠷᠦᠭᠦᠯᠵᠤ᠂ ᠮᠦᠨ ᠭᠡᠳᠤᠨ ᠵᠠᠭᠤᠨ ᠲᠦᠮᠡᠨ ᠬᠠᠭᠤᠴᠢᠨ ᠡᠰ ᠥᠭᠦᠳᠡᠭ᠌ ᠶᠢᠡᠷ ᠰᠢᠨ᠎ᠡ ᠬᠠᠭᠤᠴᠢᠨ ᠤ ᠰᠤᠯᠢᠯᠴᠠᠭ᠎ᠠ ᠶᠢ ᠶᠠᠪᠣᠭᠳᠠᠭᠤᠯᠵᠤ ᠪᠣᠢ ᠠᠵᠢ᠃ ᠳᠡᠭᠡᠭᠦ ᠳᠤ᠂ ᠠᠷᠢᠭᠢ ᠳᠠᠮᠠᠭᠢ᠂ ᠳᠠᠷᠢᠶᠠᠯᠠᠩ ᠤᠨ ᠡᠮ ᠪᠣᠯᠤᠨ ᠢᠳᠡᠭᠡᠨ ᠤ ᠬᠤᠤᠷᠳᠠᠯ ᠡᠴᠠ ᠪᠣᠯᠤᠭᠠᠤᠨ ᠵᠠᠷᠢᠮ ᠡᠰ ᠤᠨ ᠳᠤᠳᠤᠷ ᠪᠦᠳᠦᠴᠡ ᠳᠤ ᠴᠢᠳᠠᠪᠣᠷᠢ ᠶᠢᠨ ᠴᠢᠨᠠᠷᠳᠠᠢ ᠬᠤᠪᠢᠷᠠᠯᠳᠠ ᠭᠠᠷᠴᠤ ᠴᠢᠨᠠᠷ ᠨᠢ ᠬᠤᠪᠢᠷᠠᠭᠠᠤᠨ ᠦᠮᠠᠨ ᠤ ᠡᠰ ᠪᠣᠯᠳᠠᠭ᠃ ᠡᠨᠡᠭᠦ ᠬᠤᠤᠷᠳᠤ ᠡᠰ ᠨᠢ ᠪᠠᠶ᠎ᠠ ᠶᠢᠨ ᠡᠰᠡᠷᠭᠦᠴᠡᠭᠦ ᠴᠢᠳᠠᠪᠣᠷᠢ ᠰᠤᠯᠠ ᠳᠤᠷᠤᠢ ᠪᠠᠢ᠌ᠬᠤ ᠵᠠᠪᠰᠢᠶᠠᠨ ᠢ ᠳᠠᠯᠢᠮᠳᠠᠭᠤᠯᠵᠤ᠂ ᠭᠦᠮᠤᠨ ᠤ ᠪᠠᠶ᠎ᠠ ᠶᠢᠨ ᠠᠯᠢ ᠨᠢᠭᠡ ᠭᠡᠰᠡᠭ᠌ ᠲᠤ ᠭᠠᠵᠠᠷ ᠠᠪᠴᠤ ᠦᠷᠡᠵᠢᠨ ᠳᠦᠯᠵᠢᠳᠡᠭ᠌᠃ ᠢᠩᠭᠢᠪᠠᠯ ᠭᠦᠮᠤᠨ ᠤ ᠪᠠᠶ᠎ᠠ ᠶᠢᠨ ᠦᠯᠦ ᠬᠠᠯᠳᠠᠭᠠᠬᠤ ᠰᠢᠰᠲ᠋ᠸᠮ ᠳᠠᠢ᠌ᠴᠢᠯᠠᠭᠳᠠᠵᠤ᠂ ᠪᠠᠺᠲ᠋ᠸᠷᠢ ᠠᠯᠠᠳᠠᠭ ᠯᠢᠮᠪᠠ ᠶᠢᠨ ᠡᠰ᠂ ᠴᠢᠰᠤᠨ ᠤ ᠴᠠᠭᠠᠨ ᠡᠰ ᠤᠳ ᠦᠮᠠᠨ ᠤ ᠡᠰ ᠤᠨ ᠳᠤᠭᠤᠷᠢᠨ ᠳᠤ ᠬᠤᠷᠠᠯᠳᠤᠵᠤ 《ᠰᠢᠷᠦᠭᠦᠨ ᠪᠠᠢ᠌ᠯᠳᠤᠭᠠᠨ》 ᠭᠢᠳᠡᠭ᠌ ᠪᠠᠢ᠌ᠨ᠎ᠠ᠃ ᠡᠨᠡᠭᠦ 《ᠳᠠᠢ᠌ᠳᠤᠬᠤ》 ᠶᠠᠪᠣᠴᠠ ᠨᠢ ᠭᠦᠮᠤᠨ ᠢ ᠬᠠᠯᠠᠭᠤᠷᠠᠭᠤᠯᠵᠤ᠂ ᠬᠠᠪᠣᠤᠠᠴᠤ ᠡᠪᠠᠦᠡᠭᠦ ᠢᠯᠠᠷᠠᠯ ᠭᠠᠷᠭᠠᠨ᠎ᠠ᠃ ᠡᠭᠦᠨ ᠤ ᠳᠠᠷᠠᠭᠠᠪᠠᠷ ᠦᠮᠠᠨ ᠤ ᠡᠰ ᠤᠨ ᠳᠤᠭᠤᠷᠢᠨ ᠳᠤ ᠪᠠᠭᠯᠠᠭᠰᠠᠨ ᠨᠡᠭᠡᠳᠡᠰᠤ ᠶᠢ ᠪᠦᠷᠢᠯᠳᠦᠭᠦᠯᠳᠡᠭ᠌ ᠪᠢᠯᠠ᠃ ᠢᠩᠭᠢᠭᠡᠤᠨ ᠨᠢᠭᠡ ᠬᠠᠪᠣᠳᠠᠷ ᠤᠨ ᠪᠦᠭᠡᠮ ᠢ ᠪᠦᠳᠦᠭᠡᠳᠡᠭ᠌᠃ ᠭᠡᠭᠦ ᠳᠤ ᠦᠮᠠᠨ ᠤ ᠡᠰ ᠨᠢ ᠡᠰ ᠤᠨ ᠪᠦᠭᠡᠮ ᠡᠴᠠ ᠪᠠᠨ ᠠᠮᠠᠷᠬᠠᠨ ᠮᠤᠯᠳᠠᠷᠠᠳᠠᠭ ᠪᠦᠭᠡᠤᠨ ᠯᠢᠮᠪᠠ ᠶᠢᠨ ᠰᠢᠩᠭᠡᠨ ᠪᠣᠯᠤᠨ ᠴᠢᠰᠤ ᠪᠠᠷ ᠳᠠᠮᠵᠢᠵᠤ ᠪᠦᠭᠦ ᠪᠠᠶ᠎ᠠ ᠳᠤ ᠳᠠᠷᠬᠠᠳᠠᠭ ᠶᠢᠠᠷ ᠶᠢᠡᠨ ᠭᠦᠮᠤᠨ ᠲᠦᠷᠦᠯᠭᠢᠳᠠᠨ ᠤ ᠡᠷᠡᠭᠦᠯ ᠮᠠᠠᠳᠤ ᠶᠢᠨ ᠬᠠᠮᠤᠭ ᠶᠡᠭᠡ ᠳᠠᠢ᠌ᠰᠤᠨ ᠪᠣᠯᠤᠭᠠᠤᠨ ᠪᠠᠢ᠌ᠭ᠎ᠠ ᠶᠤᠮ᠃

ᠣᠳᠤ ᠳᠡᠯᠡᠭᠡᠢ ᠳᠠᠶᠠᠭᠠᠷ ᠭᠡᠷᠡᠭᠯᠡᠵᠤ ᠪᠦᠭᠦᠢ ᠦᠮᠠᠨ ᠢ ᠡᠰᠡᠷᠭᠦᠴᠡᠭᠦ ᠡᠮ ᠪᠣᠯ ᠳᠠᠷᠢᠶᠠᠯᠠᠩ ᠳᠤ ᠭᠡᠷᠡᠭᠯᠡᠵᠤ ᠪᠠᠢ᠌ᠭ᠎ᠠ ᠬᠤᠷᠤᠬᠠᠢ ᠠᠯᠠᠬᠤ ᠡᠮ ᠲᠡᠶ ᠠᠳᠠᠯᠢ ᠳᠤᠩ ᠬᠤᠤᠷᠳᠠᠢ ᠪᠠᠢ᠌ᠵᠤ᠂ ᠦᠮᠠᠨ ᠤ ᠡᠰ ᠢ ᠣᠰᠠᠤᠠᠬᠠᠬᠤ ᠶᠢᠨ ᠳᠠᠭᠠᠤ ᠭᠦᠮᠤᠨ ᠤ ᠪᠠᠶ᠎ᠠ ᠶᠢᠨ ᠡᠷᠡᠭᠦᠯ ᠡᠰ ᠢ ᠴᠤ ᠶᠡᠭᠡ ᠭᠡᠮᠵᠢᠶ᠎ᠡ ᠪᠠᠷ ᠠᠯᠠᠵᠤ᠂ ᠪᠠᠶ᠎ᠠ ᠶᠢᠨ ᠳᠠᠮᠢᠷ ᠢ ᠳᠤᠷᠣᠢ᠌ᠳᠤᠭᠤᠯᠤᠨ ᠡᠪᠠᠦᠡᠴᠢᠨ ᠢ ᠡᠰᠡᠷᠭᠦᠴᠡᠭᠦ ᠴᠢᠳᠠᠪᠣᠷᠢ ᠶᠢ ᠠᠯᠳᠠᠭᠤᠯᠳᠠᠭ ᠪᠠᠢ᠌ᠨ᠎ᠠ᠃ ᠳᠡᠭᠡᠭᠦ ᠳᠡᠭᠡᠨ ᠦᠮᠠᠨ ᠤ ᠡᠰ ᠨᠢ ᠭᠦᠮᠤᠨ ᠤ ᠳᠠᠮᠢᠷ ᠳᠤᠷᠤᠢ ᠵᠠᠪᠰᠢᠶᠠᠨ ᠢ ᠳᠠᠯᠢᠮᠳᠠᠭᠤᠯᠤᠨ ᠪᠠᠶ᠎ᠠ ᠶᠢᠨ ᠡᠯ᠎ᠡ ᠭᠡᠰᠡᠭ᠌ ᠲᠤ ᠳᠠᠷᠬᠠᠨ ᠥᠷᠡᠵᠢᠳᠡᠭ᠌ ᠡᠴᠠ ᠭᠢᠮᠢ ᠶᠢᠨ ᠵᠠᠰᠠᠯ ᠭᠢᠭᠦ ᠳᠤᠳᠤᠮ ᠦᠷᠡᠵᠢᠯ ᠨᠢ ᠳᠦᠷᠭᠡᠰᠭᠦ ᠬᠠᠠᠳᠤᠰᠢ ᠲᠡᠶ ᠠᠵᠢ᠃ ᠪᠠᠯᠪᠠᠴᠢ ᠶᠢᠨ ᠷᠠᠰᠢᠶᠠᠨ ᠳᠤ ᠦᠮᠠᠨ ᠤ ᠡᠰ ᠢ ᠠᠯᠠᠳᠠᠭ ᠡᠷᠦᠳᠡᠰᠤ ᠪᠣᠯᠤᠨ ᠦᠮᠠᠨ ᠡᠪᠠᠦᠡᠴᠢᠨ ᠤ ᠳᠠᠷᠤᠯᠭ᠎ᠠ ᠪᠣᠯᠤᠭᠰᠠᠨ ᠰᠧᠯᠧᠨ ᠭᠡᠭ᠍ᠴᠢ ᠭᠦᠴᠦᠳᠤ ᠡᠯᠧᠮᠧᠨ᠋ᠲ᠋ ᠪᠠᠢ᠌ᠳᠠᠭ ᠶᠢᠡᠷ᠂ ᠠᠩᠬ᠎ᠠ ᠢᠯᠡᠷᠡᠭᠦ ᠡᠭᠢᠨ ᠤ ᠬᠤᠭᠤᠴᠠᠭᠠᠨ ᠤ ᠰᠢᠩᠭᠡᠭᠡᠯᠳᠡ ᠶᠢᠨ ᠵᠠᠮ ᠤᠨ ᠦᠮᠠᠨ ᠢ ᠵᠠᠰᠠᠵᠤ ᠡᠳᠡᠭᠡᠷᠡᠭᠦᠯᠦᠭ᠍ᠰᠡᠨ ᠵᠢᠱᠢᠶ᠎ᠠ ᠮᠤᠩ ᠦᠭᠡᠶ ᠠᠷᠪᠢᠨ ᠭᠠᠷᠴᠠᠢ᠃ ᠡᠭᠦᠨ ᠢ ᠷᠠᠰᠢᠶᠠᠨ ᠰᠤᠪᠢᠯᠠᠯᠳᠠ ᠶᠢᠨ ᠪᠠᠭᠤᠳᠠᠯ ᠡᠷᠭᠢᠯᠡᠵᠤ ᠪᠠᠢ᠌ᠭ᠎ᠠ ᠯᠠᠮᠠᠵᠠᠪ ᠠᠪᠣᠭᠠᠢ ᠨᠡᠷ ᠪᠦᠷᠢᠨ ᠭᠡᠷᠡᠴᠢᠯᠡᠵᠤ ᠴᠢᠳᠠᠨ᠎ᠠ᠃ ᠭᠡᠪᠠᠴᠤ ᠦᠮᠠᠨ ᠤ ᠰᠡᠭᠦᠯᠴᠢ ᠶᠢᠨ ᠬᠤᠭᠤᠴᠠᠭ᠎ᠠ᠂ ᠳᠤᠬᠠᠢ᠌ᠯᠠᠪᠠᠯ ᠬᠤᠤᠷᠳᠤ ᠡᠰ ᠪᠦᠭᠦ ᠪᠠᠶ᠎ᠠ ᠳᠤ ᠳᠠᠷᠬᠠᠭᠰᠠᠨ ᠪᠠᠢ᠌ᠳᠠᠯ ᠳᠤ ᠷᠠᠰᠢᠶᠠᠨ ᠣᠤᠭᠤᠪᠠᠯ ᠡᠪᠠᠦᠡᠴᠢᠨ ᠳᠤ ᠳᠤᠰᠠᠯᠠᠬᠤ ᠦᠭᠡᠶ ᠮᠥᠷᠳᠡᠭᠡᠨ ᠭᠡᠳᠡᠷᠭᠦ ᠥᠭᠦᠯ ᠢ ᠨᠢ ᠳᠦᠷᠭᠡᠳᠭᠡᠭᠦ ᠪᠣᠯᠴᠢᠬᠠᠳᠠᠭ ᠪᠢᠯᠠ᠃ ᠰᠢᠩᠭᠡᠯᠳᠡ ᠶᠢᠨ ᠵᠠᠮ ᠤᠨ ᠦᠮᠠᠨ ᠪᠣᠯ ᠬᠤᠭᠤᠯᠠᠨ ᠤ ᠵᠠᠮ ᠢ ᠬᠠᠭᠠᠭᠠᠴᠢᠬᠠᠳᠠᠭ ᠶᠢᠡᠷ ᠶᠢᠡᠨ ᠭᠦᠮᠤᠨ ᠢ ᠣᠢ᠌ᠯᠠ ᠳᠠᠮᠤ ᠥᠵᠡᠭᠦᠯᠵᠤ ᠪᠠᠢ᠌ᠭᠠᠤᠨ ᠥᠯᠪᠠᠷᠭᠡᠵᠤ ᠠᠯᠠᠳᠠᠭ ᠪᠣᠯᠬᠤᠷ ᠥᠭᠦᠯ ᠢ ᠳᠦᠷᠭᠡᠳᠭᠡᠭᠦ ᠨᠢ ᠨᠢᠭᠡ ᠶᠤᠰᠤᠨ ᠤ ᠵᠢᠷᠭᠠᠯ ᠪᠠᠢ᠌ᠵᠤ ᠳᠠᠭᠠᠷᠠᠨ᠎ᠠ᠃

ᠵᠤᠬᠢᠶᠠᠭᠴᠢ ᠶᠢᠨ ᠬᠠᠶ‍ᠢᠭ ᠄ ᠵᠡᠭᠦᠨ ᠪᠠᠭᠠᠷᠢᠨ ᠤ ᠪᠠᠶᠠᠠᠠᠭᠤᠯᠠ ᠰᠤᠮᠤ


ᠵᠤᠬᠢᠶᠠᠭᠴᠢ᠄ ᠨᠤ᠋·ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 8473
ᠴᠠᠭ᠄ 2010 ᠤᠨ ᠤ 07 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ