ᠨᠡᠪᠲᠡᠷᠡᠨ ᠤᠷᠤᠬᠤ
ᠬᠤᠯᠠ ᠶᠢᠨ ᠰᠠᠢ᠌ᠬᠠᠨ ᠱᠠᠩᠳᠤ

ᠣᠯᠠᠨ ᠵᠠᠭᠤᠨ ᠤ ᠳᠡᠷᠳᠡᠭᠡᠭᠢ

ᠰᠢᠷᠭᠠᠯ ᠬᠠᠭᠤᠳᠠᠰᠤ ᠶᠢ ᠰᠡᠭᠦᠵᠤ

ᠣᠷᠴᠢᠭᠰᠠᠨ ᠳᠡᠦᠭᠡ ᠶᠢᠨ

ᠪᠠᠯᠠᠷᠠᠭ᠎ᠠ ᠦᠭᠡᠶ ᠮᠦᠷ ᠢ ᠮᠦᠰᠭᠢᠵᠤ

ᠵᠡᠭᠡᠰᠤ ᠨᠢ ᠨᠠᠢ᠌ᠭᠤᠵᠤ

ᠴᠡᠴᠡᠭᠡᠰ ᠨᠢ ᠮᠥᠰᠢᠶᠡᠭ᠍ᠰᠡᠨ

ᠵᠡᠭᠦᠳᠤᠨ ᠤ ᠶᠤᠮᠰᠢᠭ ᠰᠠᠢ᠌ᠬᠠᠨ ᠱᠠᠩᠳᠤ ᠳ᠋ᠤ

ᠵᠡᠭᠦᠳᠤ ᠪᠠᠷ ᠶᠢᠡᠨ ᠪᠢᠰᠢ ᠦᠨᠡᠨ ᠣᠴᠢᠭᠰᠠᠨ ᠶᠤᠮ ᠳ᠋ᠡ


ᠡᠴᠢᠭᠡ ᠬᠠᠭᠠᠤᠨ ᠤᠨ ᠭᠡᠭᠡᠨ ᠰᠦᠨᠠᠰᠤᠨ ᠳᠤ ᠰᠥᠭᠦᠳᠭᠦ ᠳ᠋ᠤ

ᠨᠤᠶᠠᠯᠠᠨ ᠵᠠᠭᠢᠷᠤᠭᠰᠠᠨ ᠳᠡᠦᠭᠡ ᠶᠢᠨ

ᠠᠯᠳᠠᠨ ᠳᠦᠷᠦᠭᠡ ᠬᠠᠩᠭᠢᠨᠠᠭᠰᠠᠨ ᠢ ᠴᠢᠩᠨᠠᠯ᠎ᠠ ᠁

ᠳᠤᠮᠤᠭ ᠭᠦᠦᠷᠨᠢᠵᠤ ᠦᠯᠡᠳᠡᠭ᠍ᠰᠡᠨ ᠪᠠᠭᠤᠷᠢ ᠶᠢᠨ ᠴᠢᠯᠠᠭᠤ ᠶᠢ ᠢᠯᠪᠢᠭᠦ ᠳ᠋ᠤ

ᠨᠤᠶᠠᠷᠬᠠᠨ ᠡᠵᠡᠯᠡᠭ᠍ᠰᠡᠨ ᠳᠡᠯᠡᠭᠡᠢ

ᠣᠯᠠ ᠶᠢᠨ ᠳᠤᠤᠷ᠎ᠠ ᠴᠢᠨᠢ ᠪᠠᠢ᠌ᠭᠰᠠᠨ ᠢ ᠬᠠᠷᠠᠯ᠎ᠠ ᠁


ᠰᠤᠤᠳᠤ ᠪᠠᠭᠠᠳᠤᠷ ᠤᠨ ᠳᠠᠪᠭᠢᠵᠤ ᠶᠠᠪᠣᠭᠰᠠᠨ ᠠᠭᠤᠳᠠᠮ ᠳᠠᠯ᠎ᠠ ᠪᠠᠷ

ᠰᠠᠯᠭᠢ ᠬᠤᠷᠭᠤᠳᠠᠵᠤ ᠮᠦᠷᠦᠭᠡᠳᠦᠯ ᠰᠢᠪᠠᠨᠡᠭ᠍ᠰᠡᠨ ᠢ ᠳᠤᠭᠤᠯᠤᠯ᠎ᠠ ᠁

ᠥᠩᠭᠡᠷᠡᠵᠤ ᠣᠳᠤᠭᠰᠠᠨ ᠦᠴᠦᠭᠡᠳᠦᠷ ᠤᠨ

ᠪᠠᠷᠠᠭᠠᠨ ᠭᠦᠰᠢᠭᠡᠨ ᠤ ᠴᠠᠭᠠᠨ᠎ᠠ

ᠥᠵᠡᠰᠭᠦᠯᠡᠩᠳᠤ ᠣᠷᠳᠤᠨ᠎ᠠ ᠶᠠᠭᠤ ᠪᠦᠭᠦᠨ

ᠳᠠᠢ᠌ᠪᠣᠩ ᠰᠠᠭᠠᠳᠠᠭᠰᠠᠨ ᠢ ᠬᠠᠷᠠᠯ᠎ᠠ ᠁


2010.8.21


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠡᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ