ᠨᠡᠪᠲᠡᠷᠡᠨ ᠤᠷᠤᠬᠤ
ᠮᠢᠨᠤ ᠨᠤᠳᠤᠭ

ᠨᠠᠢ᠌ᠵᠠ ᠨᠡᠷ ᠮᠢᠨᠢ᠂ ᠮᠢᠨᠤ ᠳᠦᠷᠦᠭ᠍ᠰᠡᠨ ᠨᠤᠳᠤᠭ ᠊᠊᠊᠊᠊᠊᠊ ᠵᠠᠠᠳᠠᠬᠠᠳᠠ ᠪᠠᠷ ᠣᠴᠢᠵᠤ ᠥᠩᠭᠡᠷᠡᠭ᠍ᠰᠡᠨ ᠪᠠᠢ᠌ᠭ᠎ᠠ ᠪᠢᠵᠠ᠂ ᠣᠴᠢᠵᠤ ᠠᠮᠵᠢᠭ᠎ᠠ ᠦᠭᠡᠶ ᠭᠡᠰᠡᠨ ᠴᠤ ᠵᠠᠭᠤᠨ ᠠᠭᠤᠯᠠ ᠶᠢᠨ ᠣᠷᠤᠢ ᠵᠤᠰᠠᠯᠠᠩ ᠤᠨ ᠰᠠᠢ᠌ᠬᠠᠨ ᠵᠤᠯᠴᠠ ᠳᠤ ᠪᠠᠢ᠌ᠭ᠎ᠠ ᠵᠠᠠᠳᠠᠬᠠᠳᠠ ᠭᠡᠰᠡᠨ ᠢᠷᠠᠭᠤᠬᠠᠨ ᠨᠠᠷ᠎ᠠ ᠳᠠᠨ ᠤ ᠠᠷᠢᠭᠤᠬᠠᠨ ᠰᠤᠨᠤᠷ ᠲᠤ ᠠᠯᠢ ᠡᠷᠳᠡᠨ᠎ᠡ ᠳᠤᠭᠤᠯᠳᠠᠭᠰᠠᠨ ᠪᠠᠢ᠌ᠬ᠎ᠠ ᠡ ︕

ᠳᠠᠢ᠌ᠮᠤ ᠡ ᠦᠵᠡᠵᠤ ᠰᠤᠨᠤᠰᠤᠭᠰᠠᠨ ᠪᠦᠭᠦᠨ ᠳᠡᠭᠡᠨ ᠪᠣᠯ ᠳ᠋ᠸᠪᠠᠵᠠᠨ ᠤ ᠣᠷᠤᠨ ᠭᠡᠵᠤ ᠮᠡᠳᠡ ︕

ᠳᠠ ᠰᠠᠭᠤᠳᠠᠯ ᠤᠨ ᠮᠠᠰᠢᠨ ᠳᠤ ᠰᠠᠭᠤᠭᠠᠤᠨ ᠪᠠᠯᠭᠠᠰᠤᠨ ᠤ ᠲᠦᠪ ᠪᠠᠶᠠᠠᠪᠣᠯᠠᠭ ᠡᠴᠡ ᠮᠤᠷᠳᠠᠭᠠᠤᠨ ᠪᠠᠶᠠᠠᠠᠭᠤᠯᠠ ᠭᠦᠷᠭᠦ ᠳᠤᠷᠭᠠᠨ ᠳᠠᠯ᠎ᠠ ᠶᠢᠨ ᠳᠤᠮᠳᠠᠭᠤᠷ ᠰᠤᠨᠤᠯᠵᠠᠭᠰᠠᠨ᠂ ᠳᠤᠰᠤᠨ ᠬᠠᠷ᠎ᠠ ᠵᠠᠮ ᠶᠢᠡᠷ ᠭᠦᠶ‍ᠦᠯᠭᠡᠪᠠᠯ᠂ ᠳᠡᠷᠳᠡᠭᠡ ᠭᠢᠵᠠᠭᠠᠷ ᠨᠢ ᠳᠡᠭ᠍ᠷᠢ ᠶᠢᠨ ᠬᠠᠶᠠᠭ᠎ᠠ ᠣᠷᠤᠭᠤ ᠰᠤᠨᠤᠭᠰᠠᠨ ᠰᠦᠷᠯᠢᠭ᠌ ᠰᠠᠢ᠌ᠬᠠᠨ ᠠᠭᠤᠯᠠ ᠨᠢᠷᠤᠭᠤ ᠲᠡᠶ᠂ ᠴᠡᠴᠡᠭ᠍ᠳᠤ ᠨᠤᠭᠤᠭᠠᠨ ᠳᠠᠯ᠎ᠠ ᠨᠢ ᠴᠡᠩᠭᠡᠷ ᠣᠭᠳᠠᠷᠭᠤᠢ ᠲᠡᠶ ᠠᠳᠠᠯᠢᠬᠠᠨ ᠠᠭᠤᠵᠢᠮ ᠰᠠᠷᠠᠭᠤᠯ᠂ ᠴᠡᠭᠡᠭᠡᠨ ᠳᠤᠩᠭ᠋ᠠᠯᠢᠭ ᠷᠠᠰᠢᠶᠠᠨ ᠣᠰᠤ ᠨᠢ ᠴᠡᠯᠮᠡᠭ᠌ ᠰᠠᠷᠠᠨ ᠰᠢᠭ ᠮᠡᠯᠮᠡᠭᠡᠷ᠂ ᠠᠷᠴᠢᠭᠰᠠᠨ ᠮᠥᠩᠭᠦᠨ ᠳᠤᠯᠢ ᠮᠠᠳᠤ ᠭᠡᠭᠡᠨ᠂ ᠠᠷᠢᠭᠤᠨ ᠭᠠᠯ ᠤᠨ ᠲᠦᠯᠤ ᠮᠠᠳᠤ ᠪᠦᠯᠢᠶᠡᠭᠡᠨ ᠰᠠᠨᠠᠭᠳᠠᠳᠠᠭ ᠴᠡᠪᠠᠷᠭᠡᠨ ᠰᠠᠢ᠌ᠬᠠᠨ ᠮᠤᠩᠭ᠋ᠤᠯ ᠨᠤᠳᠤᠭ ᠲᠤ ᠭᠦᠷᠭᠦ ᠪᠣᠯᠤᠨ᠎ᠠ᠃

ᠡᠨᠡ ᠪᠣᠯ ᠮᠢᠨᠤ ᠭᠦᠢᠰᠤᠨ ᠴᠢᠰᠤ ᠪᠠᠨ ᠠᠷᠢᠭᠤᠨ ᠭᠦᠷᠦᠰᠤᠨ ᠳᠤᠨᠢ ᠰᠢᠩᠭᠡᠭᠡᠭ᠍ᠰᠡᠨ ᠡᠯᠢᠭᠡᠨ ᠬᠠᠢ᠌ᠷᠠᠳᠠᠢ ᠨᠤᠳᠤᠭ ᠮᠢᠨᠢ ᠪᠣᠯᠤᠨ᠎ᠠ᠃

ᠦᠷᠯᠦᠭᠡ ᠣᠷᠭᠤᠬᠤ ᠣᠯᠭᠠᠨ ᠨᠠᠷᠠᠨ ᠡᠯᠭᠦᠭ᠍ᠳᠡᠨ ᠠᠷᠬᠠᠯᠠᠭᠳᠠᠮᠠᠷ ᠦᠨᠳᠦᠷ ᠰᠦᠷᠯᠢᠭ᠌ ᠡᠷᠪᠠᠩ ᠬᠠᠢ᠌ᠷᠬᠠᠨ ᠮᠢᠨᠢ᠂ ᠠᠯᠤᠰ ᠤᠨ ᠠᠶᠠᠨ ᠳᠤ ᠶᠠᠪᠣᠭᠰᠠᠨ ᠠᠮᠠᠷᠠᠭ ᠬᠤᠩᠭ᠋ᠤᠷ ᠦᠷ᠎ᠡ ᠪᠠᠨ ᠠᠯᠭᠠᠰᠠᠯ ᠦᠭᠡᠶ ᠭᠦᠯᠢᠶᠡᠵᠤ ᠰᠠᠭᠤᠭ᠎ᠠ ᠠᠭᠰᠢᠷᠠᠭ᠎ᠠ ᠪᠣᠭᠤᠷᠤᠯ ᠠᠪᠣ ᠮᠢᠨᠢ ᠰᠢᠭ ᠯᠠᠪᠳᠠᠭᠤᠨ ᠰᠡᠭᠦᠢᠭᠦ ᠨᠢ ᠶᠠᠭᠠᠭᠢᠭᠰᠠᠨ ᠰᠦᠷᠯᠢᠭ᠌ ᠠᠵᠢ᠃ ᠡᠷᠪᠠᠩ ᠤᠨ ᠦᠷᠭᠡᠨ ᠳᠡᠨᠢᠭᠡᠷ ᠦᠷᠤᠴᠠᠨ ᠳ᠋ᠠᠭᠢ ᠠᠭᠤᠯᠠ ᠪᠣᠯᠭᠠᠨ ᠳ᠋ᠤᠨᠢ ᠠᠭᠤᠷᠬᠠᠢ ᠶᠢᠨ ᠡᠯᠪᠠᠭ᠌ ᠪᠣᠯᠠᠭᠳᠠᠴᠠ ᠲᠡᠶ᠂ ᠬᠠᠳᠠ ᠪᠣᠯᠭᠠᠨ ᠳ᠋ᠤᠨᠢ ᠬᠠᠷᠴᠠᠭᠠᠢ ᠪᠦᠷᠭᠦᠤᠨ ᠤᠨ ᠬᠠᠯᠢᠯᠳᠠ ᠲᠡᠶ᠂ ᠰᠠᠯᠠᠭ᠎ᠠ ᠪᠣᠯᠭᠠᠨ ᠳ᠋ᠤᠨᠢ ᠰᠠᠭᠠᠷᠠᠯ ᠭᠦᠷᠦᠭᠡᠰᠤ ᠲᠡᠶ᠂ ᠭᠤᠤ ᠪᠣᠯᠭᠠᠨ ᠳ᠋ᠤᠨᠢ ᠣᠭᠠᠯᠵᠠ ᠠᠷᠭᠠᠯᠢ ᠲᠡᠶ᠂ ᠥᠨᠡᠭᠡ ᠴᠢᠨ᠋ᠸ᠎ᠠ ᠰᠤᠭᠰᠢᠯᠳᠤᠭᠰᠠᠨ ᠶᠤᠰᠤᠳᠠᠢ ᠨᠢᠭᠡᠨ ᠭᠡᠨ ᠶᠠᠭᠤ ᠪᠠᠷ ᠳᠤᠳᠠᠬᠤ ᠦᠭᠡᠶ ᠪᠠᠶᠠᠨ ᠬᠠᠩᠭ᠋ᠠᠢ ᠨᠤᠳᠤᠭ ᠶᠤᠮ ᠡ᠃

ᠭᠦᠡᠳᠡᠢ ᠭᠦᠳᠦᠯ ᠡᠴᠡ ᠣᠠᠳᠤᠷᠤᠭᠰᠠᠨ ᠣᠰᠤ ᠨᠢ ᠭᠦᠳᠡᠭᠡ ᠳᠠᠯ᠎ᠠ ᠶᠢ ᠨᠢ ᠣᠮᠳᠠᠯᠠᠨ ᠰᠢᠮᠡᠯᠡᠭᠦᠯᠵᠤ ᠠᠷᠢᠭᠤᠬᠠᠨ ᠠᠷᠭᠠᠯᠠᠨ᠎ᠠ᠃

ᠥᠩᠭᠡ ᠶᠢᠨ ᠴᠡᠴᠡᠭ᠌ ᠤᠳ ᠮᠢᠷᠠᠯᠵᠠᠨ ᠳᠡᠯᠭᠡᠷᠡᠭ᠍ᠰᠡᠨ ᠤᠭ᠍ᠶᠤ ᠨᠤᠭᠤᠭᠠᠨ ᠳᠠᠠᠵᠢ ᠳᠡᠭᠡᠭᠦᠷ ᠨᠢ ᠴᠢᠠᠳᠠᠭᠠᠨ ᠴᠠᠭᠠᠨ ᠮᠤᠩᠭ᠋ᠤᠯ ᠭᠡᠷ ᠤᠳ ᠴᠠᠢ᠌ᠯᠵᠠᠭᠠᠤᠨ᠂ ᠭᠦᠭᠡᠮᠳᠦᠭ᠌ ᠨᠤᠭᠤᠭᠠᠨ ᠭᠦᠳᠦᠯ ᠳᠡᠭᠡᠭᠦᠷ ᠨᠢ ᠳᠠᠪᠤᠨ ᠬᠤᠰᠢᠭᠤ ᠮᠠᠯ ᠰᠦᠷᠦᠭ᠌ ᠳᠠᠨ᠎ᠠ ᠶᠢᠨ ᠰᠤᠪᠣᠤᠨ ᠰᠢᠭ ᠳᠠᠷᠬᠠᠨ ᠪᠠᠯᠴᠢᠭᠡᠷᠯᠡᠭ᠍ᠰᠡᠨ᠂ ᠳᠠᠷᠠᠭ ᠠᠢ᠌ᠷᠠᠭ ᠤᠨ ᠰᠠᠩᠭᠢᠨᠠᠮ᠎ᠡ ᠦᠨᠦᠷ ᠬᠠᠮᠠᠷ ᠴᠤᠷᠭᠢᠮ᠎ᠠ ᠬᠠᠩᠬᠤᠯᠠᠭᠰᠠᠨ᠂ ᠳᠠᠷᠬᠠᠨ ᠮᠠᠯᠴᠢᠳ ᠤᠨ ᠣᠮᠤᠭ ᠣᠷᠮᠠᠳᠠᠢ ᠴᠡᠩᠭᠡᠯᠳᠦᠭ᠍ᠰᠡᠨ ᠴᠠᠪᠠᠷ ᠴᠢᠭᠢᠷᠠᠭ ᠮᠤᠩᠭ᠋ᠤᠯ ᠣᠷᠤᠨ ᠶᠤᠮ ᠰᠢᠤ᠃ ᠵᠠᠭᠤᠨ ᠠᠭᠤᠯᠠ ᠡᠴᠡ ᠡᠭᠢᠳᠡᠢ ᠵᠢᠷᠤᠮᠠᠯ ᠤᠨ ᠶᠤᠮ ᠰᠢᠭ ᠬᠠᠢ᠌ᠳᠠᠭ ᠭᠤᠤᠯ ᠨᠤᠳᠤᠭ ᠤᠨ ᠮᠢᠨᠢ ᠦᠷᠭᠡᠨ ᠬᠤᠷᠮᠤᠢ ᠪᠠᠷ ᠰᠤᠨᠤᠯᠵᠠᠨ ᠣᠷᠤᠰᠴᠤ ᠥᠩᠭᠡᠷᠡᠭᠦ ᠳᠡᠭᠡᠨ ᠣᠨᠠᠭᠠᠨ ᠪᠠᠢ᠌ᠭᠠᠯᠢ ᠶᠢᠨ ᠦᠨᠡᠨ ᠳᠦᠷᠭᠦ ᠶᠡᠭᠡ ᠠᠷᠠᠯ ᠤᠨ ᠥᠩᠭᠡ ᠦᠵᠡᠮᠵᠢ ᠶᠢ ᠢᠯᠡᠷᠡᠭᠦᠯᠵᠢ᠃ ᠶᠡᠭᠡ ᠠᠷᠠᠯ ᠤᠨ ᠥᠩᠭᠡ ᠦᠵᠡᠮᠵᠢ ᠭᠡᠵᠤ ᠵᠢᠷᠤᠴᠢᠬᠠᠭᠰᠠᠨ ᠵᠢᠷᠤᠭ ᠴᠤ ᠶᠤᠮ ᠦᠦ ᠭᠡᠵᠤ ᠡ᠊ᠨᠳᠡᠭᠦᠷᠡᠮᠡᠷ ᠭᠤᠶᠤᠬᠠᠨ ᠡ᠃

ᠶᠡᠭᠡ ᠠᠷᠠᠯ ᠡᠯᠪᠠᠭ᠌ ᠳᠡᠯᠪᠠᠭ᠌ ᠢᠳᠠᠰᠢ ᠣᠤᠭᠤᠰᠢ᠂ ᠦᠩ ᠰᠢᠮᠡᠯᠡᠭ᠌ ᠣᠷᠭᠤᠮᠠᠯ ᠤᠨ ᠬᠤᠴᠢᠯᠭ᠎ᠠ ᠲᠡᠶ ᠪᠣᠯᠬᠤᠷ ᠨᠠᠩ ᠴᠤ ᠠᠷᠪᠢᠨ ᠬᠤᠪᠣᠷ ᠴᠤᠬᠠᠭ ᠣᠯᠤᠰ ᠤᠨ ᠳᠠᠰ ᠤᠨ ᠬᠠᠮᠠᠭᠠᠯᠠᠯᠳᠠ ᠶᠢᠨ ᠰᠢᠪᠠᠭᠤᠳ ᠡᠭᠦᠷ ᠭᠡᠷ ᠶᠢᠡᠨ ᠪᠠᠷᠢᠵᠤ ᠨᠤᠳᠤᠭᠰᠢᠵᠠᠢ᠃ ᠡ᠊ᠨᠳᠡ ᠵᠠᠭᠤ ᠭᠠᠷᠤᠢ ᠳᠦᠷᠤᠯ ᠤᠨ ᠣᠰᠤᠨ ᠤ ᠰᠢᠪᠠᠭᠤᠳ ᠨᠤᠳᠤᠭᠰᠠᠨ ᠠᠮᠢᠳᠤᠷᠠᠵᠤ ᠪᠠᠢ᠌ᠳᠠᠭ᠃ ᠨᠠᠩ ᠢᠯᠠᠩᠭ᠋ᠤᠶ᠎ᠠ ᠬᠤᠨ᠂ ᠠᠩᠭᠢᠷ᠂ ᠳᠤᠭᠤᠷᠤᠤ᠂ ᠬᠠᠷ᠎ᠠ ᠭᠠᠯᠠᠭᠤ᠂ ᠠᠯᠠᠭ ᠨᠤᠭᠤᠰᠤ ᠰᠦᠷᠦᠭᠯᠡᠯᠳᠤᠨ ᠰᠠᠭᠤᠴᠠᠭᠠᠵᠤ ᠵᠢᠷᠭᠢᠨ ᠳᠤᠩᠭ᠋ᠤᠤᠠᠬᠤ ᠨᠢ᠂ ᠦᠪᠡᠷ ᠦᠪᠡᠷ ᠤᠨ ᠬᠤᠭᠤᠯᠠᠢ ᠶᠢᠨ ᠠᠶ᠎ᠠ᠂ ᠵᠢᠷᠦᠭᠡᠨ ᠤ ᠣᠶᠠᠩᠭ᠋᠎ᠠ ᠪᠠᠷ ᠶᠢᠡᠨ ᠬᠤᠯᠠ ᠶᠢᠨ ᠵᠤᠴᠢᠳ ᠢ ᠬᠠᠯᠠᠭᠤᠴᠢᠷᠬᠠᠭ ᠶᠢᠡᠷ ᠣᠭᠳᠤᠵᠤ ᠪᠠᠢ᠌ᠭ᠎ᠠ ᠮᠠᠳᠤ ᠰᠠᠨᠠᠭᠳᠠᠭᠤᠯᠵᠤ᠂ ᠳᠠᠭᠤᠯᠠᠵᠤ ᠪᠠᠬᠠᠳᠤᠨ ᠪᠦᠵᠢᠭ᠍ᠯᠡᠭᠦᠯᠮᠡᠷ ᠪᠣᠳᠤᠭᠳᠠᠭᠤᠯᠳᠠᠭ ᠡ᠃

ᠥᠵᠡᠰᠭᠦᠯᠡᠩᠳᠤ ᠰᠠᠢ᠌ᠬᠠᠨ ᠦᠯᠦᠭᠡᠢ ᠨᠤᠳᠤᠭ ᠤᠨ ᠶᠢᠡᠨ ᠥᠩᠭᠡ ᠦᠵᠡᠮᠵᠢ ᠶᠢ ᠡᠨᠡᠦᠭᠡᠨ ᠶᠡᠭᠠᠭᠢᠵᠤ ᠥᠭᠦᠯᠡᠭᠡᠳ ᠪᠠᠷᠡᠨᠡᠮ ᠳᠡ ︕

ᠵᠠᠪ ᠴᠢᠯᠦᠭᠡ ᠳᠠᠨᠢ ᠭᠠᠷᠪᠠᠯ ᠵᠠᠪᠠᠯ ᠠᠶᠠᠯᠠᠬᠤ ᠪᠠᠨ ᠪᠣᠤ ᠯᠠ ᠮᠠᠷᠳᠠᠴᠢᠬᠠᠭᠠᠷᠠᠢ ︕



ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠪᠠᠶᠠᠪᠣᠯᠠᠭ ᠪᠠᠯᠭᠠᠰᠤᠨ

ᠵᠤᠬᠢᠶᠠᠭᠴᠢ᠄ ᠫᠣᠠᠴᠤᠭ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6189
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ