☆ ᠴᠤᠭᠳᠤ
ᠰᠢᠵᠢᠷ ᠠᠯᠳᠠᠨ ᠬᠤᠪᠬᠠᠢ ᠵᠡᠭᠦᠳᠤ
ᠳᠠᠷᠠ ᠳᠤᠯᠤᠭᠠᠢ ᠨᠡᠢ᠌ᠯᠡᠮᠡᠭ᠍ᠴᠡ
ᠳᠠᠯᠪᠠ ᠪᠠᠶᠠᠵᠢᠨ᠎ᠠ︕ ᠭᠡᠵᠤ ᠵᠡᠭᠦᠳᠦᠯᠡᠨ᠎ᠡ᠃
ᠳᠡᠯᠡᠭᠡᠢ ᠳ᠋ᠠᠭᠢᠨ ᠤ ᠰᠠᠢ᠌ᠬᠠᠨ ᠢ
ᠳᠡᠷᠭᠡᠳᠡ ᠪᠠᠨ ᠠᠪᠴᠢᠷᠠᠨ᠎ᠠ ︕ ᠭᠡᠵᠤ ᠣᠷᠠᠮᠠᠰᠢᠨᠠ᠃
ᠬᠠᠷᠠᠭ᠎ᠠ ᠠᠯᠳᠠᠮ᠎ᠠ ᠳᠠᠯ᠎ᠠ ᠪᠠᠷ
ᠡᠪᠠᠰᠤᠨ ᠡᠮ ᠳᠡᠭᠦᠵᠤ
ᠬᠠᠷᠠᠩᠭ᠋ᠤᠢ ᠪᠠᠯᠠᠷ ᠣᠢ ᠪᠠᠷ
ᠮᠤᠳᠤ ᠴᠢᠯᠠᠭᠤ ᠴᠢᠪᠴᠢᠨ
ᠠᠭᠤᠯᠠ ᠮᠠᠩᠬ᠎ᠠ ᠳᠠᠮᠵᠢᠨ
ᠡᠷᠳᠡᠨ ᠤ ᠣᠩᠭ᠋ᠤᠨ ᠬᠠᠢ᠌ᠵᠤ
ᠠᠭᠤᠷᠠᠬᠠᠢ ᠬᠤᠳᠳᠤᠭ ᠮᠠᠯᠳᠠᠨ
ᠡᠳ᠋ ᠡᠷᠳᠡᠨᠢᠰ ᠣᠯᠵᠠᠯᠠᠵᠤ
ᠳᠠᠪᠠᠷᠢ ᠳᠠᠪᠠᠷᠢ ᠪᠠᠷᠠᠭ᠎ᠠ ᠵᠢ
ᠳᠡᠭᠡᠭᠡᠪᠦᠷᠢ ᠶᠢᠨ ᠮᠠᠰᠢᠨ ᠳᠤ ᠠᠴᠢᠵᠤ
ᠳᠡᠷᠭᠡ ᠳᠡᠷᠭᠡ ᠳᠠᠸᠠᠷ ᠢ
ᠳᠡᠩᠭᠡ ᠮᠠᠳᠠᠨ ᠬᠤᠳᠠᠯᠳᠤᠨ᠎ᠠ᠃
ᠮᠤᠩᠭ᠋ᠤᠯ ᠨᠤᠳᠤᠭ ᠤᠨ ᠭᠠᠵᠠᠷ
ᠮᠤᠯᠤᠷ ᠡᠷᠳᠡᠨᠢ ᠠᠷᠪᠢᠨ︕ ᠭᠡᠵᠤ
ᠠᠷᠤ ᠭᠠᠵᠠᠷ ᠤᠨ ᠠᠷᠢᠯᠵᠢᠶᠠᠴᠢᠨ
ᠠᠷᠠᠤᠨ ᠤᠨ ᠵᠤᠭᠤᠰ ᠶᠢᠡᠷ ᠭᠡᠢ᠌ᠰᠴᠤ
ᠮᠠᠯᠴᠢᠨ ᠮᠤᠩᠭ᠋ᠤᠯ ᠤᠨ ᠨᠤᠳᠤᠭ ᠣᠷᠤᠭᠤ
ᠮᠠᠨᠢ ᠶᠢᠨ ᠡᠷᠢᠭᠡ ᠰᠢᠭ᠌ ᠴᠤᠪᠣᠵᠤ
ᠮᠠᠯ ᠲᠡᠶ ᠭᠦᠮᠤᠨ ᠲᠡᠶ ᠨᠢ ᠵᠠᠯᠭᠢᠴᠢᠬᠠᠮᠠᠷ
ᠮᠠᠰᠢᠨ ᠮᠸᠬᠠᠨᠢᠭ ᠲᠡᠶ ᠴᠦᠮᠦᠷᠠᠨᠡ᠃
ᠪᠠᠯᠡᠭ᠌ ᠵᠤᠭᠤᠰ ᠢ ᠨᠢ ᠭᠠᠷᠳᠠᠨ
ᠪᠠᠯᠴᠢᠭᠡᠷ ᠨᠤᠳᠤᠭ ᠶᠢᠡᠨ ᠬᠤᠳᠠᠯᠳᠤᠨ
ᠳᠠᠯᠪᠠ ᠪᠠᠶᠠᠵᠢᠬᠤ ᠶᠢᠨ ᠵᠠᠪᠰᠢᠶᠠᠨ︕ ᠭᠡᠵᠤ
ᠳᠡᠭᠡᠷ᠎ᠡ ᠦᠨ᠎ᠡ ᠬᠠᠶᠠᠯᠴᠠᠨ᠎ᠠ᠃
ᠨᠡᠭᠦᠷᠡᠰᠤ ᠳᠤᠰᠤ ᠭᠠᠷᠤᠨ᠎ᠠ︕ ᠭᠡᠵᠤ
ᠨᠢᠭᠦᠯ ᠤᠨ ᠨᠢᠳᠤ ᠨᠢ ᠣᠯᠠᠢ᠌ᠵᠤ
ᠨᠡᠭᠦᠳᠡᠯ ᠤᠨ ᠴᠤᠪᠣᠭ᠎ᠠ ᠴᠤ ᠥᠯᠡᠳᠡᠭᠡᠯ ᠥᠭᠡᠢ
ᠨᠥᠭᠡ ᠮᠠᠯᠳᠠᠵᠤ ᠣᠷᠭᠢᠨ᠎ᠠ᠃
ᠡᠪᠦᠭᠡ ᠶᠢᠨ ᠦᠪ ᠶᠢᠠᠨ ᠬᠤᠳᠠᠯᠳᠤᠭᠠᠤᠨ
ᠡᠪᠦᠷ ᠳᠦᠭᠦᠷᠡᠩ ᠪᠠᠶᠠᠵᠢᠪᠠ ᠭᠡᠨ᠎ᠡ᠃
ᠰᠢᠨᠡᠭᠡᠨ ᠣᠯᠠᠭᠠᠨ ᠵᠤᠭᠤᠰ
ᠰᠢᠵᠢᠷ ᠠᠯᠳᠠ ᠬᠤᠪᠢᠯᠤᠭᠰᠠᠨ ᠭᠡᠨ᠎ᠡ᠃
ᠠᠪᠳᠠᠷ᠎ᠠ ᠬᠤᠷᠭᠤ ᠳᠠᠭᠠᠨ ᠭᠢᠶ᠎ᠠ ᠭᠡᠭᠦ ᠳ᠋ᠤ
ᠪᠠᠭᠳᠠᠵᠤ ᠦᠭᠭᠦ ᠦᠭᠡᠶ ᠰᠠᠠᠳᠤᠷᠭᠠᠨᠠ
ᠠᠪᠰᠠᠨ ᠳᠠᠭᠠᠨ ᠠᠪᠣᠭᠠᠤᠨ ᠣᠷᠤᠶ᠎ᠠ ᠭᠡᠭᠦ ᠳ᠋ᠤ
ᠪᠠᠷᠠᠬᠤ ᠦᠭᠡᠶ ᠥᠭᠦᠪᠠᠯ ᠬᠠᠷᠠᠮᠰᠠᠨ᠎ᠠ᠃
ᠪᠠᠯᠢᠳᠠᠵᠤ ᠰᠠᠠᠳᠤᠷᠤᠭᠰᠠᠨ ᠭᠦᠴᠤᠨ ᠳ᠋ᠡᠭᠡᠨ
ᠪᠠᠯ ᠲᠡᠶ ᠵᠡᠭᠦᠳᠡᠨ ᠡᠴᠡ ᠪᠠᠨ ᠰᠠᠷᠢᠵᠤ
《ᠠᠯᠳᠠ᠂ ᠠᠯᠳᠠ︕》 ᠭᠡᠵᠤ
ᠠᠷᠪᠠᠨ ᠬᠤᠷᠤᠭᠤ ᠨᠢ ᠠᠷᠵᠠᠢ᠌ᠪᠠ᠃
ᠰᠢᠵᠢᠷ ᠠᠯᠳᠠᠨ ᠵᠤᠭᠤᠰ
ᠰᠢᠷᠡᠭᠡᠨ ᠳᠡᠭᠡᠷ᠎ᠡ ᠨᠢ ᠬᠠᠷᠠᠭᠳᠠᠭᠰᠠᠨ ᠥᠭᠡᠢ
ᠰᠢᠷᠤᠢ ᠳᠤᠭᠤᠰᠤᠨ ᠮᠥᠭᠦᠯᠢᠭ᠌
ᠰᠢᠯᠢᠨ ᠴᠤᠩᠬᠤ ᠶᠢ ᠨᠢ ᠪᠦᠷᠭᠦᠵᠡᠢ᠃
ᠡᠭᠦᠳᠡ ᠪᠠᠨ ᠨᠡᠭᠡᠭᠡᠳ ᠬᠠᠷᠠᠬᠤ ᠳ᠋ᠤ
ᠦᠯᠦᠨ ᠳᠤᠭᠤᠰᠤ ᠳᠡᠭ᠍ᠳᠡᠵᠤ
ᠰᠢᠵᠢᠷ ᠠᠯᠳᠠᠨ ᠵᠤᠭᠤᠰ ᠨᠢ ᠭᠡᠮᠡᠷ
ᠰᠢᠷᠣᠢ᠌ᠨ ᠰᠢᠭᠤᠷᠭ᠎ᠠ ᠪᠣᠰᠤᠨ᠎ᠠ ᠡ᠃
2009.8.16 ᠱᠠᠩᠳᠤ ᠪᠠᠯᠭᠠᠰᠤᠨ᠎ᠠ
ᠵᠤᠬᠢᠶᠠᠭᠴᠢ ᠶᠢᠨ ᠬᠠᠶᠢᠭ ᠄ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2010 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ