☆ ᠠ᠊·ᠣᠷᠭᠤᠮᠠᠯ
ᠵᠡᠭᠦᠳᠤᠨ ᠴᠢᠮᠡᠭᠡ
ᠨᠢᠳᠤᠨᠤᠨ ᠵᠤᠨ ᠤ ᠠᠮᠠᠷᠠᠯᠳᠠ ᠳᠠᠯᠪᠢᠭᠰᠠᠨ ᠳᠠᠷᠠ ᠡᠳᠦᠷ ᠪᠢ ᠨᠠᠢ᠌ᠳᠠ ᠶᠢᠨ ᠮᠠᠰᠢᠨ ᠳᠤ ᠰᠢᠬᠠᠯᠳᠤᠨ ᠰᠠᠭᠤᠵᠤ᠂ ᠨᠤᠳᠤᠭ ᠶᠢᠡᠨ ᠴᠢᠭᠯᠡᠭ᠍ᠰᠡᠨ ᠶᠤᠮ᠃ ᠬᠤᠶᠠᠷ ᠴᠠᠭ ᠭᠠᠷᠤᠢ ᠠᠶᠠᠯᠠᠨ ᠳᠦᠩᠭᠡᠵᠢ ᠨᠤᠳᠤᠭ ᠤᠨ ᠶᠢᠡᠨ ᠪᠠᠷ᠎ᠠ ᠶᠢ ᠣᠯᠵᠤ ᠬᠠᠷᠠᠯ᠎ᠠ᠃
ᠨᠤᠳᠤᠭ ᠤᠨ ᠶᠢᠡᠨ ᠭᠦᠷᠦᠰᠤᠨ ᠳᠤ ᠭᠦᠯ ᠳᠠᠯᠪᠢᠭᠰᠠᠨ ᠮᠠᠨᠢ ᠬᠠᠰᠢᠯᠠ ᠣᠠᠳᠤᠤ᠂ ᠳᠤᠳᠤᠨᠤ ᠰᠠᠨᠠᠭᠳᠠᠨ ᠳᠠᠯ᠎ᠠ ᠳᠤ ᠳᠠᠪᠤᠨ ᠬᠤᠰᠢᠭᠤ ᠮᠠᠯ ᠳᠠᠷᠬᠠᠨ ᠪᠠᠯᠴᠢᠵᠤ ᠨᠤᠳᠤᠭ ᠤᠨ ᠮᠢᠨᠢ ᠠᠭᠤᠯᠠ ᠰᠦᠨᠳᠠᠷᠯᠠᠨ᠎ᠠ᠃ ᠰᠠᠤᠠᠭᠢᠯ ᠴᠤ ᠨᠢᠭᠡᠯᠡ ᠳᠤᠭᠳᠠᠪᠣᠷᠢ ᠠᠯᠳᠠᠨ᠂ ᠠᠪᠣ ᠡᠵᠢ ᠲᠡᠶ ᠪᠠᠨ ᠠᠭᠤᠯᠵᠠᠬᠤ ᠶᠢ ᠶᠠᠭᠠᠷᠠᠯ᠎ᠠ᠃
ᠵᠠᠮ ᠶᠢᠡᠷ ᠥᠩᠭᠡᠷᠡᠭᠦ ᠳᠤ ᠨᠤᠳᠤᠭ ᠤᠨ ᠭᠦᠮᠦᠰ ᠤᠨ ᠵᠠᠷᠢᠮ ᠨᠢ ᠱᠤᠤᠳᠠᠢ ᠲᠡᠶ ᠶᠠᠭᠤᠮ᠎ᠠ ᠡᠭᠦᠷᠤᠨ᠂ ᠪᠠᠰᠠ ᠣᠬᠤᠭᠤᠷ ᠰᠢᠭ ᠶᠠᠭᠤᠮ᠎ᠠ ᠠᠪᠴᠤ ᠶᠠᠪᠣᠵᠤ ᠪᠠᠢ᠌ᠯ᠎ᠠ᠃ ᠪᠢ ᠭᠠᠢ᠌ᠬᠠᠭᠰᠠᠨ ᠪᠣᠯᠪᠠᠴᠤ ᠠᠪᠣ ᠡᠵᠢ ᠠᠬ᠎ᠠ ᠳᠡᠭᠦᠤ ᠰᠠᠳᠤᠨ ᠶᠢᠡᠨ ᠥᠵᠡᠭᠦ ᠭᠡᠵᠤ ᠶᠠᠭᠠᠷᠠᠭᠰᠠᠨ ᠳᠤᠯᠠ ᠳᠠᠢ᠌ᠮᠤ ᠣᠯᠠᠨ ᠪᠣᠳᠤᠯ ᠶᠠᠷᠤ ᠣᠷᠤᠭ᠎ᠠ ᠦᠭᠡᠶ᠃ ᠠᠷᠭ᠎ᠠ ᠦᠭᠡᠶ ᠯᠠ ᠳ᠋ᠠ᠂ ᠪᠢ ᠬᠤᠳᠠ ᠶᠢᠨ ᠰᠤᠷᠭᠠᠭᠤᠯᠢ ᠳᠤ ᠰᠠᠭᠤᠭᠠᠤᠨ ᠭᠡᠷ ᠡᠴᠡ ᠪᠠᠨ ᠰᠠᠯᠵᠤ ᠬᠤᠶᠠᠷ ᠰᠠᠷ᠎ᠠ ᠢᠯᠡᠭᠦᠤ ᠪᠣᠯᠴᠢᠬᠠᠯ᠎ᠠ᠃ ᠭᠡᠷ ᠶᠢᠡᠨ ᠰᠠᠨᠠᠭᠰᠠᠨ ᠭᠡᠵᠤ ᠭᠡᠴᠡᠭᠦᠤ᠃ ᠭᠡᠷ ᠲᠤ ᠪᠠᠨ ᠣᠴᠢᠬᠤ ᠳᠤ ᠡᠵᠢ ᠨᠠᠮ᠎ᠠ ᠶᠢ ᠢᠷᠡᠭᠦ ᠶᠢ ᠮᠡᠳᠡᠭᠡᠤᠨ ᠪᠣᠳᠠᠭ᠎ᠠ ᠨᠤᠭᠤᠭ᠎ᠠ ᠪᠠᠨ ᠪᠠᠯᠠᠨ ᠪᠣᠯᠭᠠᠭᠠᠤᠨ ᠭᠦᠯᠢᠶᠡᠵᠤ ᠪᠠᠢ᠌ᠯ᠎ᠠ᠃ ᠠᠪᠣ ᠴᠤ ᠡᠳᠦᠷ ᠤᠨ ᠠᠵᠢᠯ ᠶᠢᠡᠨ ᠪᠠᠷᠠᠨ ᠣᠷᠤᠵᠤ ᠢᠷᠡᠭᠡᠤᠨ ᠬᠠᠠᠵᠤᠨ ᠳᠡᠭᠡᠷ᠎ᠡ ᠡᠵᠡᠨ ᠭᠦᠮᠤᠨ ᠤ ᠮᠠᠶᠢᠭᠳᠠᠢ ᠵᠠᠪᠢᠯᠠᠨ ᠰᠠᠭᠤᠵᠤ ᠪᠠᠢ᠌ᠪᠠ᠃
ᠳᠡᠭᠦᠤ ᠨᠠᠮᠢ᠋ᠢ ᠥᠵᠡᠭᠡᠤᠨ ᠪᠠᠯ ᠪᠣᠷᠠᠮ ᠢᠳᠡᠭ᠍ᠰᠡᠨ ᠰᠢᠭ᠌ ᠪᠣᠯᠵᠤ ᠪᠦᠭᠦᠳᠡᠭᠡᠷ ᠪᠦᠭᠡᠮ ᠪᠠᠶᠠᠷ ᠪᠣᠯᠤᠯ᠎ᠠ᠃ ᠡᠨᠡ ᠦᠶ᠎ᠡ ᠳᠤ ᠳᠡᠭᠦᠤ ᠮᠢᠨᠢ ᠥᠭᠡ ᠡᠭᠦᠰᠭᠡᠭᠦ ᠭᠡᠰᠡᠨ ᠰᠢᠭ᠌ ᠨᠠᠳᠠ ᠳᠤ : 《ᠡᠭᠡᠴᠢ ᠡ︕ ᠠᠢ᠌ᠯ ᠤᠨ ᠠᠪᠠᠭ᠎ᠠ ᠨᠡᠷ ᠪᠦᠷ ᠣᠬᠠᠭᠠᠨ ᠦᠭᠡᠶ᠂ ᠳᠡᠷᠡᠭᠦ ᠡᠮ ᠤᠨ ᠦᠨᠳᠦᠰᠦ ᠭᠡᠭᠦ ᠣᠷᠭᠤᠮᠠᠯ ᠢ ᠪᠦᠷ ᠣᠬᠤᠴᠢᠬᠠᠭᠰᠠᠨ ᠰᠢᠤ》 ᠭᠡᠯᠡ᠃ ᠡᠵᠢ ᠠᠪᠣ ᠴᠤ ᠰᠠᠤᠠᠭᠢᠯ ᠵᠤᠪᠠᠭᠰᠠᠨ ᠮᠠᠶᠢᠭᠳᠠᠢ ᠨᠠᠳᠠ ᠳᠤ᠄ 《ᠭᠦᠮᠦᠰ ᠴᠦᠮ ᠡᠮ ᠤᠨ ᠦᠨᠳᠦᠰᠦ ᠣᠬᠤᠭᠠᠤᠨ ᠰᠣᠢ᠌ᠤᠨ ᠪᠣᠯᠵᠤ ᠪᠠᠢ᠌ᠨ᠎ᠠ》 ᠭᠡᠪᠡ᠃ ᠪᠢ ᠠᠩᠬᠠᠨ ᠤ ᠶᠠᠪᠣᠳᠠᠯ ᠢ ᠰᠠᠨᠠᠭᠠᠨ ᠳᠤ ᠣᠷᠤᠵᠤ᠂ ᠪᠦᠭᠦ ᠣᠴᠢᠷ ᠢ ᠪᠦᠷᠢᠨ ᠣᠢ᠌ᠯᠠᠭᠠᠯ᠎ᠠ᠃ ᠱᠤᠤᠳᠠᠢ ᠲᠡᠶ ᠶᠠᠭᠤᠮ᠎ᠠ ᠨᠢ ᠬᠠᠷᠢᠨ ᠡᠮ ᠤᠨ ᠦᠨᠳᠦᠰᠦ ᠪᠠᠢ᠌ᠭᠰᠠᠨ ᠠᠵᠠᠢ᠃
ᠡᠵᠢ ᠪᠠᠰᠠ᠄ 《ᠶᠠᠪᠣᠳᠠᠯ ᠦᠭᠡᠶ ᠭᠢᠳᠠᠯ ᠠᠯᠳᠠᠳᠠᠭ ᠭᠦᠮᠦᠰ ᠣᠳᠤ ᠡᠮ ᠤᠨ ᠦᠨᠳᠦᠰᠦ ᠣᠬᠤᠵᠤ᠂ ᠬᠤᠳᠠ ᠣᠷᠤᠵᠤ ᠬᠤᠳᠠᠯᠳᠤᠭᠠᠤᠨ ᠡᠳᠦᠷ ᠲᠤ 500 ᠰᠢᠬᠠᠮ ᠵᠤᠭᠤᠰ ᠣᠯᠬᠤ ᠪᠣᠯᠵᠠᠢ ᠰᠢᠤ︕》 ᠭᠡᠯᠡ᠃ ᠳᠡᠭᠦᠤ ᠡᠵᠢ ᠶᠢᠨ ᠥᠭᠡ ᠶᠢ ᠡᠯᠭᠦᠨ ᠠᠪᠴᠤ᠄ 《ᠦᠨᠳᠦᠰᠦ ᠭᠡᠳᠡᠭ᠌ ᠪᠣᠯ ᠮᠢᠨᠤ ᠨᠠᠷᠠ᠂ ᠭᠡᠨ ᠴᠤ ᠮᠢᠨᠤ ᠨᠠᠷᠠ ᠶᠢ ᠠᠪᠴᠤ ᠴᠢᠳᠠᠬᠤ ᠦᠭᠡᠶ᠂ ᠪᠢ ᠯᠠᠪ ᠦᠨᠳᠦᠰᠦ ᠣᠬᠤᠭᠤᠯᠬᠤ ᠦᠭᠡᠶ》 ᠭᠡᠵᠤ ᠬᠤᠪᠢ ᠪᠠᠷ ᠶᠢᠡᠨ ᠨᠢᠭᠡ ᠶᠠᠭᠤᠮ᠎ᠠ ᠶᠠᠷᠢᠨ᠎ᠠ᠃ ᠥᠵᠡᠭᠦ ᠳᠤ ᠳᠡᠭᠦᠤ ᠴᠤ ᠳᠤᠷ᠎ᠠ ᠥᠭᠡᠢ᠌ᠴᠡᠵᠤ ᠪᠠᠢ᠌ᠭ᠎ᠠ ᠪᠠᠢ᠌ᠳᠠᠯ ᠲᠡᠶ᠃ ᠮᠠᠨ ᠤ ᠬᠤᠭᠤᠯᠠᠨ ᠰᠢᠷᠡᠭᠡ ᠡᠨᠡ ᠮᠠᠳᠤ ᠶᠠᠷᠢᠶ᠎ᠠ ᠪᠠᠷ ᠳᠡᠭᠦᠰᠴᠤ ᠳᠠᠮᠠᠢ ᠯᠠ ᠥᠩᠭᠡᠷᠡᠯ᠎ᠡ᠃
ᠰᠦᠨᠢ ᠪᠣᠯᠬᠤ ᠳᠤ ᠨᠣᠢ᠌ᠷ ᠬᠤᠯᠵᠢᠨ ᠪᠣᠳᠤᠯ ᠳᠤ ᠮᠢᠨᠢ ᠡᠨᠡ ᠳᠠᠷᠠ ᠣᠷᠤᠵᠤ ᠢᠷᠠᠨ ᠵᠥᠭ᠍ᠳᠡᠢ ᠣᠠᠳᠠᠵᠤ ᠳᠡᠢ᠌ᠯᠦᠭ᠍ᠰᠡᠨ ᠦᠭᠡᠶ᠃ ᠨᠢᠭᠡ ᠮᠡᠳᠡᠭᠦ ᠳᠤ ᠨᠠᠷᠠᠨ ᠤ ᠭᠡᠷᠡᠯ ᠡᠷᠦᠭᠡ ᠪᠠᠷ ᠳᠤᠰᠴᠤ ᠭᠡᠷ ᠳᠤᠳᠤᠷᠠᠭᠢ ᠠᠯᠢᠪᠠ ᠪᠦᠭᠦᠨ ᠢ ᠭᠡᠢ᠌ᠭᠦᠯᠦᠨ᠎ᠡ᠃ ᠪᠢ ᠶᠠᠭᠠᠷᠠᠨ ᠪᠣᠰᠴᠤ ᠠᠪᠣ ᠳᠤ ᠬᠠᠪᠰᠤᠷᠠᠬᠤ ᠪᠠᠷ ᠭᠠᠷᠬᠤ ᠳᠤ ᠪᠠᠨ ᠳᠡᠳᠡᠭᠡᠷ ᠱᠤᠤᠳᠠᠢ ᠪᠠᠷᠢᠨ ᠣᠬᠤᠭᠤᠷ ᠠᠤᠠᠬᠤᠭᠰᠠᠨ ᠭᠦᠮᠦᠰ ᠢ ᠥᠵᠡᠭᠡᠤᠨ ᠳᠤᠳᠤᠷ᠎ᠠ ᠪᠠᠨ᠄ 《ᠳᠠᠳᠠ ᠴᠤ ᠠᠵᠢᠯ ᠳᠤ ᠪᠠᠨ ᠭᠠᠷᠤᠯ᠎ᠠ ᠪᠠᠢ᠌ᠬᠤ》 ᠭᠡᠵᠤ ᠪᠣᠳᠤᠯ᠎ᠠ᠃
ᠪᠢ ᠠᠵᠢᠯ ᠭᠢᠵᠤ ᠪᠠᠢ᠌ᠬᠤ ᠵᠠᠭᠤᠷ᠎ᠠ ᠠᠪᠣ ᠡᠵᠢ ᠶᠢᠨ ᠶᠢᠡᠨ ᠨᠢᠭᠡ ᠮᠢᠨᠦ᠋ᠲ ᠨᠢᠭᠡ ᠰᠸᠺᠦᠨᠳ᠋ ᠢ ᠴᠤ ᠠᠯᠳᠠᠯ ᠦᠭᠡᠶ ᠦᠪᠡᠷ ᠤᠨ ᠭᠦᠴᠤ ᠭᠦᠳᠡᠯᠮᠦᠷᠢ ᠪᠠᠷ ᠶᠢᠡᠨ ᠦᠷ᠎ᠡ ᠶᠢᠨ ᠶᠢᠡᠨ ᠳᠦᠯᠦᠭᠡ ᠦᠪᠡᠷ ᠢ ᠪᠠᠨ ᠬᠠᠢ᠌ᠷᠠᠯᠠᠬᠤ ᠦᠭᠡᠶ ᠠᠵᠢᠯᠯᠠᠵᠤ ᠪᠠᠢ᠌ᠬᠤ ᠶᠢ ᠥᠵᠡᠭᠡᠤᠨ ᠳᠤᠳᠤᠷ᠎ᠠ ᠡᠪᠭᠦᠢᠷᠡᠨ᠂ ᠳᠡᠳᠡᠭᠡᠷ ᠡᠮ ᠤᠨ ᠦᠨᠳᠦᠰᠦ ᠮᠠᠯᠳᠠᠳᠠᠭ ᠭᠦᠮᠦᠰ ᠲᠤ ᠬᠤᠷᠤᠰᠬᠤ ᠪᠣᠳᠤᠯ ᠣᠷᠤᠯ᠎ᠠ᠃
ᠳᠠᠷᠠ ᠡᠳᠦᠷ ᠡᠴᠡ ᠬᠣᠢ᠌ᠰᠢ ᠪᠢ ᠵᠠᠷᠢᠮ ᠰᠦᠨᠢ ᠳᠤ ᠪᠠᠨ ᠨᠤᠳᠤᠭ ᠮᠢᠨᠢ ᠭᠠᠮᠰᠢᠭ ᠲᠤ ᠳᠠᠭᠠᠷᠢᠭᠳᠠᠯ᠎ᠠ᠂ ᠨᠤᠳᠤᠭ ᠤᠨ ᠠᠷᠠᠤᠨ ᠣᠭᠢᠯᠠᠵᠤ ᠣᠠᠵᠢᠨ ᠪᠠᠢ᠌ᠭᠠᠯᠢ ᠶᠢᠨ ᠭᠠᠮᠰᠢᠭ ᠢᠷᠠᠯ᠎ᠠ᠂ ᠭᠠᠯᠪᠠ ᠶᠡᠭᠦᠷᠡᠯᠡ ᠭᠡᠵᠤ ᠬᠠᠰᠭᠢᠷᠴᠤ ᠪᠠᠢ᠌ᠬᠤ ᠮᠠᠳᠤ ᠶᠢᠨ ᠬᠠᠷ᠎ᠠ ᠳᠠᠷᠤᠭᠰᠠᠨ ᠵᠡᠭᠦᠳᠤᠨ ᠡᠴᠡ ᠰᠤᠴᠢᠨ ᠰᠡᠷᠢᠳᠡᠭ᠌ ᠪᠣᠯᠤᠭᠰᠠᠨ ᠶᠤᠮ᠃
ᠪᠣᠳᠤᠬᠤ ᠳᠤ ᠪᠠᠢ᠌ᠭᠠᠯᠢ ᠡᠵᠢ ᠡᠴᠡ ᠢᠷᠡᠭ᠍ᠰᠡᠨ ᠴᠢᠮᠡᠭᠡ ᠪᠠᠢ᠌ᠬᠤ ᠡ᠁
ᠵᠤᠬᠢᠶᠠᠭᠴᠢ : ᠴᠢᠪᠠᠭ᠎ᠠ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ ᠶᠢᠨ 7.6 ᠵᠢᠨ ᠠ᠊·ᠣᠷᠭᠤᠮᠠᠯ
ᠵᠢᠯᠤᠭᠤᠳᠤᠭᠰᠠᠨ ᠪᠠᠭᠰᠢ : ᠰᠠᠢ᠌ᠠᠪᠠᠶᠠᠷ
ᠵᠤᠬᠢᠶᠠᠭᠴᠢ᠄ ᠠ᠊·ᠣᠷᠭᠤᠮᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 3462
ᠴᠠᠭ᠄ 2008 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ