☆ ᠪ᠊·ᠮᠡᠷᠭᠡᠡᠪᠢᠯᠢᠭ᠌
ᠴᠠᠰᠤ ᠣᠷᠤᠯ᠎ᠠ
ᠠᠷᠤᠤᠬᠠᠨ ᠪᠠᠢ᠌ᠭᠠᠯᠢ ᠶᠢᠨ ᠦᠵᠡᠮᠵᠢ ᠳᠠᠷᠠᠯᠠᠵᠤ
ᠨᠠᠷᠠᠯᠠᠭ ᠬᠤᠷᠤ ᠡ ᠳᠤ ᠴᠠᠰᠤ ᠪᠠᠭᠤᠯ᠎ᠠ
ᠠᠳᠤᠭᠤ ᠮᠠᠯ ᠤᠨ ᠪᠠᠯᠴᠢᠭᠡᠷ ᠳᠠᠷᠤᠵᠤ
ᠨᠢᠳᠤ ᠦᠭᠡᠶ ᠶᠡᠭᠡ ᠵᠤᠳ ᠢᠷᠠᠯ᠎ᠠ᠃
ᠭᠡᠦᠭᠡᠨ ᠪᠣᠯᠪᠠᠢ᠌ᠷᠠᠬᠠᠨ ᠴᠢᠷᠠᠢ ᠮᠠᠳᠤ
ᠭᠦᠪᠰᠡᠭᠡᠷ ᠵᠥᠭᠡᠯᠡᠨ ᠴᠠᠰᠤ ᠪᠠᠢ᠌ᠯ᠎ᠠ ᠴᠤ᠂
ᠭᠦᠳᠡᠭᠡ ᠭᠤᠪᠢ ᠶᠢᠨ ᠮᠠᠯ ᠰᠥᠷᠦᠭ᠌ ᠲᠤ
ᠭᠡᠪᠳᠡᠷᠢ ᠥᠭᠡᠢ᠌ᠯᠡᠭ᠍ᠰᠡᠨ ᠭᠤᠨᠢᠭ ᠪᠠᠢ᠌ᠯ᠎ᠠ᠃
ᠳᠤᠤᠯᠢᠮ᠎ᠠ ᠬᠤᠷᠸ᠎ᠠ ᠶᠢ ᠭᠦᠪᠦᠩ ᠶᠢᠡᠷ ᠪᠠᠭᠯᠠᠭᠰᠠᠨ ᠮᠠᠳᠤ
ᠳᠤᠮᠤᠭ ᠤᠨ ᠰᠠᠢ᠌ᠬᠠᠨ ᠶᠢᠷᠳᠢᠠᠴᠤ ᠪᠠᠢ᠌ᠯ᠎ᠠ ᠴᠤ᠂
ᠳᠤᠳᠤᠭᠤ ᠪᠠᠷ ᠵᠢᠪᠠᠷ ᠰᠡᠩᠭᠢᠨᠡᠭ᠍ᠰᠡᠨ ᠮᠠᠳᠤ
ᠳᠤᠯᠤᠭᠠᠢ ᠵᠢᠩᠭᠢᠨᠡᠭ᠍ᠰᠡᠨ ᠡᠳᠦᠷ ᠪᠠᠢ᠌ᠯ᠎ᠠ᠃
ᠨᠤᠳᠤᠭ ᠰᠤᠠᠳᠠᠯᠠᠭᠰᠠᠨ ᠰᠢᠷ᠎ᠠ ᠵᠠᠮ ᠴᠢᠨᠢ
ᠴᠠᠰᠤᠨ ᠳᠤ ᠢᠳᠡᠭ᠍ᠳᠡᠭᠡᠳ ᠠᠯᠠᠭ᠎ᠠ ᠪᠣᠯᠤᠭᠰᠠᠨ
ᠨᠤᠶᠠᠨ ᠰᠠᠷᠢᠳᠠᠭ ᠤᠨ ᠦᠨᠳᠦᠷ ᠣᠷᠭᠢᠯ ᠴᠢᠨᠢ
ᠴᠠᠰᠤ ᠮᠦᠰᠤᠨ ᠭᠤᠯᠭᠤᠭᠤᠷ ᠪᠣᠯᠴᠢᠬᠠᠭᠰᠠᠨ
ᠰᠢᠭᠤᠷᠴᠤ ᠢᠷᠡᠭᠡᠳ ᠴᠠᠰᠤ ᠨᠢ ᠪᠠᠭᠤᠨ᠎ᠠ
ᠱᠤᠳᠤᠷᠴᠤ ᠢᠷᠡᠭᠡᠳ ᠬᠤᠨᠢᠳ ᠨᠢ ᠪᠦᠭᠡᠮᠨᠡᠷᠡᠨ᠎ᠡ
ᠮᠥᠩᠭᠦᠨ ᠳᠡᠯᠡᠭᠡᠢ ᠨᠢ ᠡᠨᠡ ᠶᠤᠮ ᠦᠦ᠂
ᠮᠦᠰᠤᠨ ᠰᠢᠭᠤᠷᠭ᠎ᠠ ᠨᠢ ᠡᠨᠡ ᠶᠤᠮ ᠦᠦ
ᠡᠭᠦᠯᠡ ᠪᠠᠷ ᠬᠠᠷᠠᠩᠭ᠋ᠣᠢ᠌ᠯᠠᠨ᠎ᠠ ᠳᠡᠯᠡᠭᠡᠢ
ᠦᠳᠡᠰᠢ ᠪᠠᠷ ᠰᠢᠭᠤᠷᠠᠨ᠎ᠠ ᠴᠠᠰᠤ
ᠣᠳᠤ ᠦᠭᠡᠶ ᠳᠡᠭ᠍ᠷᠢ ᠰᠦᠨᠢ
ᠣᠯᠤᠮ ᠦᠭᠡᠶ ᠭᠤᠤᠯ ᠮᠦᠰᠤ
ᠡᠳᠦᠷ ᠡᠳᠦᠷ ᠤᠨ ᠬᠤᠪᠢ ᠪᠠᠢ᠌ᠨ᠎ᠠ ᠴᠠᠰᠤᠨ ᠳᠤ
ᠡᠭᠦᠯᠡ᠂ ᠰᠢᠭᠤᠷᠭ᠎ᠠ ᠶᠢᠨ ᠬᠤᠪᠢ ᠪᠠᠢ᠌ᠨ᠎ᠠ ᠳᠡᠯᠡᠭᠡᠢ ᠳᠤ᠂
ᠬᠤᠨᠢ ᠥᠭᠡᠷ ᠥᠯᠪᠠᠷᠡᠭᠦ ᠶᠤᠮ ᠪᠠᠢ᠌ᠨ᠎ᠠ᠂ ᠪᠠᠯᠴᠢᠭᠡᠷ ᠲᠤ
ᠬᠤᠷᠢᠵᠤ ᠬᠠᠰᠢᠭᠠᠤᠨ ᠪᠦᠳᠦᠭᠦ ᠶᠤᠮ ᠪᠢᠰᠢ᠂ ᠡᠵᠡᠨ ᠴᠢᠨᠢ
ᠡᠪᠦᠯ ᠴᠠᠭ ᠤᠨ ᠵᠤᠳ ᠴᠠᠰᠤ
ᠪᠠᠯᠴᠢᠭᠡᠷ ᠭᠡᠪᠳᠡᠷᠢ ᠦᠭᠡᠶ ᠮᠠᠯ
ᠪᠠᠯᠠᠨ ᠪᠣᠷᠳᠤᠭ᠎ᠠ ᠪᠠᠨ ᠬᠠᠢ᠌ᠷᠠᠯᠠᠭᠰᠠᠨ ᠭᠦᠮᠤᠨ
ᠪᠢᠳᠡᠭᠦᠤ ᠪᠠᠷ ᠭᠠᠴᠢᠭᠰᠠᠨ ᠪᠠᠢ᠌ᠭᠠᠯᠢ
ᠴᠠᠰᠤ ᠴᠠᠰᠤ ᠣᠷᠤᠳᠠᠭ ᠯᠠ ᠬᠣᠢ᠌ᠨ᠎ᠠ
ᠴᠠᠭ ᠤᠨ ᠥᠩᠭᠡ ᠪᠠᠷ ᠯᠠᠪᠰᠠᠯᠠᠳᠠᠭ ᠯᠠ ᠬᠣᠢ᠌ᠨ᠎ᠠ᠂
ᠭᠠᠴᠢᠭᠤ ᠶᠠᠷᠰᠢᠭ ᠡᠴᠡ ᠪᠣᠤ ᠠᠶᠤ ᠭᠦᠮᠦᠰ ᠡ
ᠭᠠᠷᠬᠤ ᠵᠠᠮ ᠡᠮᠦᠨ᠎ᠡ ᠴᠢᠨᠢ ᠪᠣᠢ᠃
2010 ᠣᠨ ᠤ 1 ᠰᠠᠷᠠᠢ᠌ᠨ 6 ᠊ᠤ ᠡᠳᠦᠷ
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠬᠤᠰᠢᠭᠤᠨ ᠤ ᠰᠠᠢ᠌ᠬᠠᠠᠳᠠᠯ᠎ᠠ ᠰᠤᠮᠤ ᠶᠢᠨ ᠪᠠᠶᠠᠠᠠᠭᠤᠯᠠ ᠭᠠᠴᠠᠭ᠎ᠠ
ᠵᠤᠬᠢᠶᠠᠭᠴᠢ᠄ ᠪ᠊·ᠮᠡᠷᠭᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 01 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ