ᠨᠡᠪᠲᠡᠷᠡᠨ ᠤᠷᠤᠬᠤ
ᠡᠭᠦᠯᠡ

ᠴᠡᠴᠡᠭ᠌ ᠡᠴᠡ ᠪᠤᠯᠪᠠᠷᠡᠢ

ᠰᠢᠭᠦᠳᠡᠷᠢ ᠡᠴᠡ ᠭᠦᠩᠭᠡᠭᠡᠨ ᠡᠭᠦᠯᠡ

ᠴᠡᠩᠭᠡᠷ ᠡᠡᠭᠠᠷ ᠲ᠋ᠤ

ᠡᠭᠦᠷᠳᠡᠢ ᠶ‍ᠦᠮᠰᠢᠭ᠌ ᠲ᠋ᠤᠭᠳᠠᠨ᠎ᠠ᠃

ᠥᠵᠡᠭ᠍ᠳᠡᠭᠦ ᠲ᠋ᠡᠭ᠍ᠷᠢ ᠳᠤ

ᠦᠶᠡᠯᠵᠠᠨ ᠨᠠᠮᠢᠷᠠᠨ

ᠠᠭᠤᠯᠠᠨ ᠣᠷᠤᠢ ᠪᠠᠷ

ᠵᠢᠭᠦᠷᠳᠡᠢ ᠶ‍ᠦᠮᠰᠢᠭ᠌ ᠲ᠋ᠡᠭᠦᠯᠢᠨ᠎ᠡ᠃

ᠥᠯᠢᠶᠡᠭᠦ ᠰᠡᠯᠭᠢᠨ ᠳᠤ

ᠥᠷᠭᠦᠨ ᠨᠠᠳᠬᠤᠨ

ᠲ᠋ᠡᠯ᠎ᠡ ᠭᠦᠡᠳᠡᠢ ᠶᠢ

ᠲ᠋ᠤᠭᠤᠷᠠᠢ᠌ᠳᠠᠢ ᠶᠤᠮᠰᠢᠭ ᠲ᠋ᠤᠭᠤᠯᠤᠨ᠎ᠠ᠃

ᠥᠷᠪᠢᠰᠭᠦ ᠡᠡᠶ‍ᠦᠩᠭ᠋ᠡᠨ ᠡᠴᠡ

ᠥᠭᠦᠨ ᠵᠢᠭᠤᠳᠠᠭᠠᠳ

ᠡᠳᠦᠷ ᠤᠨ ᠨᠡᠷᠠ ᠶᠢ

ᠠᠭᠤᠷᠳᠡᠢ ᠶᠤᠮᠰᠢᠭ ᠪᠦᠷᠭᠦᠨ᠎ᠡ᠃

ᠲ᠋ᠠᠨᠤᠮᠠᠯ ᠵᠠᠶᠠᠭᠠᠨ ᠳᠠᠭᠠᠨ ᠣᠢ᠌ᠰᠤᠨ ᠪᠣᠳᠤᠯᠢᠨ᠎ᠠ᠃

ᠲ᠋ᠡᠰᠭᠡᠯ ᠥᠭᠡᠢ ᠬᠤᠷᠠᠨ ᠴᠤᠭᠯᠠᠷᠠᠨ ᠪᠤᠳᠠᠷᠠᠨ᠎ᠠ᠃

ᠲ᠋ᠡᠭ᠍ᠷᠢ ᠲ᠋ᠡᠭᠡᠷ᠎ᠡ ᠤᠨᠳᠠᠷᠠᠭᠰᠠᠨ ᠡᠭᠦᠯᠡ

ᠭᠠᠵᠠᠷ ᠲ᠋ᠡᠭᠡᠷ᠎ᠡ ᠤᠷᠭᠤᠬᠤ ᠶᠢ ᠭᠦᠰᠡᠨ᠎ᠡ᠃

ᠤᠶᠡᠷᠡᠯ ᠡᠴᠡ ᠭᠦᠡᠳᠤ ᠤᠬᠢᠯᠡᠨ

ᠦᠷ᠎ᠡ ᠵᠢᠮᠢᠰ ᠤᠨ ᠦᠨᠳᠦᠰᠦᠨ ᠳᠤ ᠰᠢᠮᠠᠳᠤᠨ᠎ᠠ᠃

ᠥᠷᠡᠭ᠍ᠳᠡᠯ ᠪᠤᠯᠤᠭᠰᠠᠨ

ᠥᠨᠦᠴᠢᠨ ᠡᠭᠦᠯᠡ

ᠤᠭᠳᠤ ᠪᠠᠢ᠌ᠭᠰᠡᠨ ᠥᠭᠡᠢ ᠶ‍ᠤᠮᠰᠢᠭ

ᠪᠠᠢ᠌ᠭᠰᠡᠨ ᠭᠤᠨᠢᠭ ᠶᠢᠠᠨ ᠲ᠋ᠡᠭᠡᠭᠡᠨ

ᠣᠷᠭᠤᠮᠠᠯ ᠤᠨ ᠲ᠋ᠤᠮᠳᠠᠭᠤᠷ

ᠰᠢᠷᠭᠤᠮᠠᠯ ᠠᠭᠤᠷ ᠲ᠋ᠤ ᠵᠠᠮᠬᠠᠷᠠᠨ᠎ᠠ᠃


(ᠨ·ᠴᠡᠯᠡᠭᠡᠷ ᠶᠢᠨ《ᠰᠠᠤᠠᠭᠢᠯ ᠤᠨ ᠬᠤᠷᠸ᠎ᠡ》 ᠰᠢᠯᠦᠭ᠌ ᠤᠨ ᠳᠡᠭᠦᠪᠦᠷᠢ ᠡᠴᠡ)

ᠵᠤᠬᠢᠶᠠᠭᠴᠢ᠄ ᠨ·ᠴᠡᠯᠡᠭᠡᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ