ᠨᠡᠪᠲᠡᠷᠡᠨ ᠤᠷᠤᠬᠤ
ᠰᠢᠯᠦᠭ᠍ᠴᠢ

ᠳᠡᠭ᠍ᠷᠢ ᠳ᠋ᠤ ᠳᠦᠭᠡᠭ᠍ᠰᠡᠨ ᠤᠳᠦᠳ ᠢ

ᠳᠡᠷᠯᠢᠭ᠌ ᠤᠨ ᠶᠢᠡᠨ ᠬᠤᠷᠮᠤᠢ ᠳ᠋ᠤ ᠳᠡᠭᠦᠵᠤ᠂

ᠳᠤᠶᠠᠭ᠎ᠠ ᠪᠠᠷ ᠨᠢ ᠪᠢᠷ ᠶᠢᠡᠨ ᠰᠥᠯᠡᠳᠡᠭ᠌

ᠳᠤᠰ ᠲᠠᠭᠠᠨ ᠨᠢᠭᠡ ᠰᠢᠯᠦᠭ᠍ᠴᠢ ᠪᠢ᠃

ᠨᠠᠭᠤᠷ ᠳᠤ ᠣᠮᠪᠠᠭᠰᠠᠨ ᠰᠠᠷᠠ ᠵᠢ

ᠨᠢᠳᠤ ᠪᠠᠷ ᠶᠢᠡᠨ ᠨᠢᠭᠡ ᠰᠢᠭᠦᠵᠤ᠂

ᠨᠣᠢ᠌ᠷ ᠥᠢᠳᠬᠠᠷ ᠶᠢᠡᠨ ᠤᠬᠢᠶᠠᠳᠠᠭ

ᠨᠠᠮᠪᠠ ᠲᠡᠶ ᠨᠢᠭᠡ ᠰᠢᠯᠦᠭ᠍ᠴᠢ ᠪᠢ᠃

ᠤᠢ ᠶᠢᠨ ᠵᠤᠯᠭᠠᠷᠠᠭᠰᠠᠨ ᠨᠠᠪᠴᠢᠰ ᠢ

ᠤᠤᠯ ᠪᠠᠢ᠌ᠳᠠᠯ ᠳ᠋ᠤᠨᠢ ᠪᠣᠴᠠᠭᠠᠭᠠᠤᠨ᠂

ᠤᠭ᠍ᠶ‍ᠤ ᠥᠩᠭᠡ ᠪᠠᠷ ᠨᠢ ᠪᠣᠳᠤᠭᠯᠠᠳᠠᠭ

ᠤᠮᠤᠷᠬᠠᠭ ᠨᠢᠭᠡᠨ ᠰᠢᠯᠦᠭ᠍ᠴᠢ ᠪᠢ᠃

ᠪᠣᠯᠠᠭ ᠤᠨ ᠴᠡᠩᠭᠡᠷ ᠮᠠᠠᠳᠠᠯ ᠡᠴᠡ

ᠪᠣᠯᠤᠷ ᠳᠤᠰᠤᠯ ᠵᠢᠭᠡᠯᠡᠵᠦ᠂

ᠪᠣᠳᠤᠯ ᠤᠨ ᠭᠠᠩᠳᠠᠭᠰᠠᠨ ᠴᠡᠴᠡᠭ᠌ ᠶᠢᠡᠨ ᠤᠰᠤᠯᠠᠳᠠᠭ

ᠪᠠᠷᠳᠠᠮ ᠨᠢᠭᠡᠨ ᠰᠢᠯᠦᠭ᠍ᠴᠢ ᠪᠢ᠃

ᠪᠣᠭᠤᠷᠤᠯ ᠮᠤᠩᠭ᠋ᠤᠯ ᠡᠵᠢ ᠶᠢᠨ

ᠪᠣᠶᠠᠨ ᠪ ᠵᠤᠤᠬ᠎ᠠ ᠡᠴᠡ ᠭᠠᠯ ᠠᠪᠴᠤ᠂

ᠨᠢᠭᠦᠯ ᠤᠨ ᠴᠢᠯᠠᠭᠤ ᠶᠢ ᠬᠠᠢ᠌ᠯᠠᠭᠤᠯᠳᠠᠭ

ᠤᠶᠠᠨ ᠨᠢᠭᠡᠨ ᠰᠢᠯᠦᠭ᠍ᠴᠢ ᠪᠢ᠃

ᠪᠠᠭᠠᠳᠤᠷ ᠮᠤᠩᠭ᠋ᠤᠯ ᠠᠪᠣ ᠶᠢᠨ

ᠵᠤᠷᠢᠭ ᠤᠨ ᠭᠡᠳᠡ ᠡᠴᠡ ᠤᠴᠢ ᠠᠪᠴᠤ᠂

ᠪᠦᠳᠦᠷᠢᠭ᠍ᠰᠡᠳ ᠳᠤ ᠳᠠᠮ ᠰᠡᠯᠪᠠᠳᠡᠭ᠌

ᠬᠠᠳᠠᠨ ᠨᠢᠭᠡᠨ ᠰᠢᠯᠦᠭ᠍ᠴᠢ ᠪᠢ᠃

ᠡᠳ ᠰᠠᠷᠠ ᠶᠢᠨ ᠰᠠᠯᠭᠢ ᠪᠣᠷᠤᠭ᠎ᠠ ᠪᠠᠷ ᠰᠢᠪᠰᠢᠭᠦᠯᠵᠦ

ᠠᠭᠤᠯᠠᠨ ᠡᠩᠭᠡᠷ ᠳᠤ ᠳᠤᠮᠪᠣᠢ᠌ᠵᠤ ᠬᠠᠨᠠᠢ᠌ᠳᠠᠭ ᠭᠦᠭᠡ ᠬᠠᠳᠠ ᠡᠴᠡ᠂

ᠤᠭᠳᠤ ᠢᠯᠠᠭᠳᠠᠰᠢ ᠥᠭᠡᠢ ᠢᠳᠡᠭᠡᠯ ᠵᠠᠯᠭᠠᠳᠠᠭ

ᠤᠩᠭᠢᠷᠠᠭ᠎ᠠ ᠨᠢᠭᠡᠨ ᠰᠢᠯᠦᠭ᠍ᠴᠢ ᠪᠢ᠃

ᠠᠰᠯᠠᠨ ᠪᠠᠭᠤᠬᠤ ᠨᠤᠭᠤᠭᠠᠨ ᠭᠦᠷᠭᠢᠷ᠎ᠡ ᠡᠴᠡ

ᠠᠰᠬᠠᠷᠠᠬᠤ ᠬᠠᠢ᠌ᠷ᠎ᠠ ᠶᠢᠨ ᠰᠥ᠋ ᠭᠦᠭᠦᠵᠦ᠂

ᠠᠯᠢᠪᠠ ᠡᠭᠡᠴᠦᠦᠯ ᠢ ᠰᠢᠳᠤᠨ ᠳᠠᠭᠢᠳᠠᠭ

ᠠᠰ ᠲᠠᠭᠠᠨ ᠨᠢᠭᠡ ᠰᠢᠯᠦᠭ᠍ᠴᠢ ᠪᠢ᠃

ᠤᠬᠢᠯᠡᠬᠤ ᠢᠨᠢᠶᠡᠭᠦ ᠠᠮᠢᠳᠤᠷᠠᠯ ᠤᠨ ᠦᠷᠦᠭᠡ ᠡᠴᠡ

ᠤᠭᠳᠤ ᠤᠨᠳᠠᠷᠠᠳᠠᠭ ᠥᠭᠡᠢ ᠴᠤᠭ ᠠᠪᠴᠤ᠂

ᠤᠭᠲᠤᠬᠤ ᠮᠠᠷᠭᠠᠰᠢ ᠶᠢᠨ ᠥᠷ ᠢ ᠤᠭᠲᠤᠳᠠᠭ

ᠤᠨᠳᠦᠤ ᠨᠢᠭᠡᠨ ᠰᠢᠯᠦᠭ᠍ᠴᠢ ᠪᠢ᠃

ᠨᠤᠮ ᠤᠨ ᠬᠠᠭᠤᠳᠠᠰᠤ ᠶᠢ ᠤᠷᠪᠠᠭᠤᠯᠵᠤ

ᠨᠢᠳᠤᠨ ᠪ ᠬᠤᠷᠤᠬᠠᠢ ᠪᠠᠨ ᠳᠠᠷᠤᠭᠤᠯᠵᠤ᠂

ᠨᠣᠢ᠌ᠷ ᠲᠠᠭᠠᠨ ᠳᠤᠭᠵᠢᠷᠠᠭᠰᠠᠤᠨ ᠢ ᠬᠤᠩᠬᠤᠳᠠᠳᠠᠭ

ᠨᠢᠭᠡᠨ ᠬᠠᠰᠭᠢᠷᠤᠭᠴᠢ ᠰᠢᠯᠦᠭ᠍ᠴᠢ ᠪᠢ︕


ᠵᠤᠬᠢᠶᠠᠭᠴᠢ ᠶᠢᠨ ᠬᠠᠶ‍ᠢᠭ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2010 ᠤᠨ ᠤ 05 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ