☆ ᠭᠦᠷᠵᠡᠪ
ᠴᠠᠰᠤ ᠬᠠᠢ᠌ᠯᠬᠤᠯᠠᠷ
ᠴᠠᠰᠤ ᠬᠠᠢ᠌ᠯᠬᠤᠯᠠᠷ
ᠴᠢ ᠮᠢᠨᠢ ᠨᠠᠳᠠ ᠳᠠᠭᠠᠨ ᠰᠠᠨᠠᠭᠳᠠᠨ᠎ᠠ
ᠴᠠᠪ ᠤᠨ ᠨᠠᠭᠤᠷ ᠮᠢᠨᠢ ᠳᠦᠭᠦᠷᠴᠤ
ᠴᠠᠭᠠᠨ ᠭᠠᠯᠠᠭᠤ ᠡᠷᠭᠢᠭᠦᠯᠡᠷ
ᠴᠢᠮ᠎ᠠ ᠪᠠᠨ ᠥᠵᠡᠭᠦ ᠪᠠᠷ ᠢᠷᠠᠨ᠎ᠠ
ᠴᠠᠭᠯᠠᠰᠢ ᠦᠭᠡᠶ ᠪᠠᠶᠠᠷᠳᠠᠢ ᠢᠷᠠᠨ᠎ᠠ ᠭᠡᠵᠤ
ᠴᠠᠭᠢᠯᠳᠠᠭ ᠭᠦᠭᠡᠷᠡᠭᠦ ᠦᠶ᠎ᠡ ᠳ᠋ᠤ
ᠴᠠᠭᠢᠯᠵᠠᠵᠤ ᠊᠊᠊᠊᠊᠊᠊᠊᠊᠊᠊᠊᠊᠊᠊ ᠭᠡᠯᠡᠭ᠍ᠰᠡᠨ ᠴᠢᠨᠢ ᠰᠠᠨᠠᠭᠳᠠᠨ᠎ᠠ
ᠴᠠᠰᠤ ᠬᠠᠢ᠌ᠯᠬᠤᠯᠠᠷ
ᠴᠢᠮ᠎ᠠ ᠪᠠᠨ ᠪᠢ ᠬᠠᠷᠠᠨ᠎ᠠ
ᠴᠠᠭ ᠤᠨ ᠰᠠᠢ᠌ᠬᠠᠨ ᠢ ᠵᠠᠪᠳᠠᠵᠤ
ᠴᠠᠷᠠᠰᠤᠳᠤ ᠶᠢᠨ ᠭᠦᠳᠦᠯ ᠢ ᠳᠠᠮᠵᠢᠵᠤ
ᠴᠠᠩᠭᠢᠨᠠᠭᠰᠠᠨ ᠳᠠᠭᠤᠤ ᠪᠠᠨ ᠬᠠᠩᠭᠢᠨᠠᠭᠤᠯᠤᠭᠰᠠᠭᠠᠷ
ᠴᠠᠭᠢᠯᠵᠠᠭᠰᠠᠨ ᠰᠡᠳᠬᠢᠯᠭᠡ ᠪᠠᠨ ᠭᠦᠪᠪᠦᠯᠵᠡᠭᠦᠯᠦᠭ᠍ᠰᠡᠭᠡᠷ
ᠴᠠᠭᠠᠨ᠎ᠠ ᠡᠴᠡ ᠪᠠᠨ ᠨᠠᠭᠠᠰᠢ ᠪᠠᠨ ᠢᠷᠠᠨ᠎ᠠ
ᠴᠢᠷᠠᠢ ᠳᠦᠭᠦᠷᠡᠩ ᠢᠨᠢᠶᠡᠮᠰᠦᠭᠯᠡᠯ ᠲᠡᠶ ᠢᠷᠠᠨ᠎ᠠ ᠭᠡᠵᠤ
ᠴᠢᠮ᠎ᠠ ᠪᠠᠨ ᠪᠢ ᠬᠠᠷᠠᠨ᠎ᠠ
ᠴᠠᠰᠤ ᠬᠠᠢ᠌ᠯᠬᠤᠯᠠᠷ
ᠴᠢ ᠮᠢᠨᠢ ᠶᠠᠭᠤ ᠪᠣᠳᠤᠭ᠎ᠠ ᠪᠢᠯᠠ ᠡ ⁈
1992.11.09 ᠳᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2692
ᠴᠠᠭ᠄ 2010 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ