☆ ᠪᠠ᠊·ᠨᠡᠭᠦᠳᠡᠯᠴᠢ
ᠡᠨᠡ ᠡᠪᠦᠯ
ᠵᠤᠨ ᠭᠡᠭᠦ ᠳᠤ ᠴᠡᠴᠡᠭ᠌ ᠥᠭᠡᠢ
ᠵᠤᠳ ᠰᠢᠭᠤᠷᠭ᠎ᠠ ᠴᠠᠰᠤ ᠴᠤ ᠦᠭᠡᠶ
ᠵᠢᠷᠤᠭ ᠰᠢᠯᠦᠭ᠌ ᠤᠨ ᠡᠪᠦᠯ ᠰᠢᠭ᠌
ᠵᠤᠵᠠᠭᠠᠯᠠᠵᠤ ᠡᠮᠦᠰᠦᠮᠡᠷ ᠶᠠᠪᠣᠳᠠᠯ ᠴᠤ ᠦᠭᠡᠶ᠂
ᠭᠦᠯ ᠳᠡᠪᠰᠡᠭᠦ ᠴᠢᠬᠤᠯᠠ ᠦᠭᠡᠶ
ᠭᠦᠭ᠍ᠵᠢᠭᠡᠵᠤ ᠳᠦᠯᠡᠭᠦ ᠱᠠᠭᠠᠷᠳᠠᠯᠭ᠎ᠠ ᠦᠭᠡᠶ
ᠭᠦᠳᠡᠭᠡ ᠭᠠᠳᠠᠭ᠎ᠠ ᠦᠭᠡᠶ ᠵᠤᠭᠰᠤᠪᠠᠴᠤ
ᠭᠦᠯᠦᠰᠤ ᠭᠠᠷᠤᠮᠠᠷ ᠯᠠ ᠰᠠᠨᠠᠭᠳᠠᠬᠤ ᠶᠤᠮ᠂
ᠣᠮᠠᠷᠠᠳᠤ ᠣᠷᠤᠨ ᠤ ᠡᠪᠦᠯ
ᠣᠯᠠᠨ ᠤ ᠮᠡᠳᠡᠳᠡᠭ᠌ ᠭᠦᠢᠳᠡᠨ
ᠣᠠᠴᠠᠭᠠᠢ ᠡᠨᠡ ᠵᠢᠯ ᠯᠠ
ᠣᠠᠳᠤᠤ ᠪᠣᠯᠤᠭᠰᠠᠨ ᠨᠢ ᠰᠤᠨᠢᠨ ᠶᠤᠮ᠂
ᠡᠪᠦᠯ ᠤᠨ ᠢᠳᠠᠰᠢ ᠢᠳᠠᠶ᠎ᠠ ᠭᠡᠭᠦ ᠳᠤ
ᠥᠩᠭᠡᠷᠡᠤ ᠳᠤᠯᠠᠭᠠᠨ ᠨᠢ ᠭᠠᠢ᠌ᠬᠠᠮᠠᠷ ᠶᠤᠮ
ᠦᠳᠡᠰᠢ ᠭᠠᠳᠠᠨ᠎ᠠ ᠰᠠᠴᠤᠭᠰᠠᠨ ᠣᠰᠤ
ᠥᠷᠯᠦᠭᠡ ᠴᠠᠷᠴᠠᠬᠤ ᠦᠭᠡᠶ ᠪᠠᠢ᠌ᠮᠠᠷ ᠶᠤᠮ᠂
ᠭᠤᠷᠪᠠ ᠶᠢᠰᠤ ᠪᠣᠯᠤᠯ᠎ᠠ ᠭᠡᠳ
ᠥᠨᠡᠭᠡᠨ ᠮᠠᠯᠠᠭᠠᠢ ᠳᠠᠷᠤᠬᠤ ᠪᠠᠷ ᠦᠭᠡᠶ
ᠭᠤᠠᠵᠢ᠂ ᠪᠢᠷᠠᠭᠤ᠂ ᠳᠤᠭᠤᠯ ᠭᠡᠳ
ᠳᠤᠯᠤᠭᠠᠢ ᠳᠠᠮᠠᠷᠤᠤᠳᠠᠵᠤ ᠶᠠᠪᠣᠬᠤ ᠪᠠᠷ ᠦᠭᠡᠶ᠂
ᠭᠡᠵᠢᠭᠡ ᠰᠢᠩᠭᠡᠷᠡᠭ᠍ᠰᠡᠨ ᠪᠣᠭᠤᠷᠤᠯ ᠤᠨ
ᠨᠢᠷᠤᠭᠤ ᠭᠦᠯ ᠡᠪᠠᠦᠡᠭᠦ ᠪᠠᠷ ᠦᠭᠡᠶ
ᠭᠡᠷ ᠲᠤ ᠣᠷᠤᠭᠰᠠᠨ ᠭᠦᠮᠦᠰ ᠤᠨ
ᠨᠢᠳᠤᠨ ᠰᠢᠯ ᠴᠠᠩᠳᠤᠬᠤ ᠪᠠᠷ ᠦᠭᠡᠶ᠂
ᠣᠢ ᠳᠦᠭᠦᠭ᠍ᠰᠡᠨ ᠬᠡᠦᠬᠡᠳ ᠭᠡᠳ
ᠮᠦᠰᠤ ᠶᠢ ᠣᠯᠵᠤ ᠬᠠᠷᠠᠭ᠎ᠠ ᠦᠭᠡᠶ
ᠣᠪ ᠲᠡᠶ ᠠᠩᠴᠢᠨ ᠴᠤ ᠳᠠᠤᠯᠠᠢ ᠶᠢᠨ
ᠮᠦᠷ ᠢ ᠴᠠᠰᠤᠨ ᠡᠴᠡ ᠥᠵᠡᠭᠡ ᠦᠭᠡᠶ᠂
ᠭᠡᠭᠡᠷ᠎ᠡ ᠳᠦᠷᠦᠭ᠍ᠰᠡᠨ ᠢᠰᠢᠭᠡ ᠶᠢ ᠭᠡᠳ
ᠭᠤᠳᠡᠢ᠌ᠯᠡᠵᠤ ᠭᠡᠨ ᠡᠭᠦᠷᠭᠦ ᠪᠠᠷ ᠦᠭᠡᠶ
ᠭᠡᠳᠦᠷᠡᠳᠡᠯ᠎ᠡ ᠣᠤᠭᠤᠵᠤ ᠰᠤᠭᠳᠤᠭᠰᠠᠨ ᠭᠦᠮᠤᠨ ᠢ
ᠭᠡᠷᠰᠤᠯᠡᠵᠤ ᠬᠣᠢ᠌ᠨ᠎ᠠ ᠡᠴᠡ ᠨᠢ ᠥᠵᠡᠭᠦ ᠪᠠᠷ ᠦᠭᠡᠶ᠂
ᠳᠠᠷᠢᠶ᠎ᠠ ᠳᠠᠷᠢᠪᠠᠴᠤ ᠳᠠᠷᠢᠮᠠᠷ
ᠳᠠᠨᠢᠯ ᠪᠣᠰᠤ ᠡᠪᠦᠯ᠂
ᠳᠠᠭᠠᠷ ᠶᠢᠡᠷ ᠡᠮ ᠪᠠᠷᠢᠮᠠᠷ
ᠳᠠᠭᠰᠢᠭᠤᠷ ᠶᠡᠭᠡᠳᠡᠢ ᠡᠪᠦᠯ᠂
ᠬᠠᠠᠵᠢᠶᠠᠷ ᠡᠮᠦᠰᠦᠭᠡᠳ ᠬᠠᠷᠢᠮᠠᠷ
ᠬᠠᠯᠠᠭᠤᠨ ᠡᠨᠡ ᠡᠪᠦᠯ
ᠬᠠᠶᠠᠭ᠎ᠠ ᠦᠵᠡᠪᠠᠴᠤ ᠶᠠᠷᠢᠮᠠᠷ
ᠬᠠᠴᠢᠨ ᠡᠨᠡ ᠡᠪᠦᠯ᠂
ᠣᠠᠳᠠᠬᠤ ᠨᠣᠢ᠌ᠷ ᠯᠠ ᠬᠠᠨᠤᠭᠰᠠᠨ
ᠣᠢ᠌ᠳᠤᠮᠠ ᠡᠨᠡ ᠡᠪᠦᠯ
ᠣᠷᠤᠭᠤᠯ ᠠᠮᠠ ᠬᠠᠳᠠᠭᠰᠠᠨ
ᠣᠶᠠᠷᠠᠮᠠ ᠡᠨᠡ ᠡᠪᠦᠯ
ᠡᠪᠦᠯ ᠡᠢ᠌ᠮᠤ ᠪᠠᠢ᠌ᠳᠠᠭ ᠢ
ᠡᠮᠦᠨᠡᠳᠤ ᠤᠷᠤᠨ ᠯᠠ ᠮᠠᠳᠠᠨ᠎ᠠ
ᠦᠨᠦ ᠬᠠᠷᠢᠨ ᠪᠢᠳᠠ
ᠦᠵᠡᠵᠤ ᠶᠠᠷᠤᠨᠢ ᠳᠠᠰᠬᠤ ᠦᠭᠡᠶ
ᠳᠠᠰᠬᠤ ᠦᠭᠡᠶ ᠪᠠᠰᠠ ᠵᠠᠰᠠᠬᠤ ᠦᠭᠡᠶ
ᠳᠠᠯᠠᠨ ᠬᠤᠶᠠᠷ ᠶᠢᠡᠷ ᠶᠠᠷᠢᠬᠤ ᠦᠭᠡᠶ
ᠳᠠᠶᠠᠭᠠᠷ ᠲᠤ ᠢᠷᠡᠭ᠍ᠰᠡᠨ ᠡᠪᠦᠯ ᠢ
ᠳᠠᠩᠴᠢ ᠪᠢ ᠰᠢ᠌ᠳᠭᠦ ᠦᠭᠡᠶ
ᠬᠤᠯᠠ ᠶᠢ ᠪᠢ ᠪᠣᠳᠤᠬᠤ ᠦᠭᠡᠶ
ᠬᠤᠷᠸ᠎ᠠ ᠲᠡᠶ ᠦᠷᠢᠰᠴᠤ ᠭᠡᠯᠡᠭᠦ ᠦᠭᠡᠶ
ᠬᠤᠭᠤᠯᠠᠨ ᠭᠡᠷ ᠤᠨ ᠫᠢᠪ ᠢ
ᠬᠤᠭᠤᠰᠤᠯᠠᠵᠤ ᠰᠠᠭᠤᠬᠤ ᠯᠠ ᠵᠢᠷᠭᠠᠯ᠃
ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2735
ᠴᠠᠭ᠄ 2009 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ