☆ ᠰᠡᠴᠡᠨᠬᠦ᠋ᠦ
ᠮᠤᠩᠭ᠋ᠤᠯ ᠮᠤᠷᠢ
ᠢᠵᠢᠯᠢ ᠪᠠᠨ ᠥᠭᠡᠢ᠌ᠯᠡᠭ᠍ᠰᠡᠨ ᠣᠨᠠᠭᠠᠨ ᠴᠠᠭᠠᠨ ᠥᠤᠷᠰᠠᠯ ᠴᠢᠨᠢ
ᠡᠯᠢᠭᠡ ᠨᠤᠷᠠᠭᠠᠭᠰᠠᠨ ᠬᠠᠢ᠌ᠷ᠎ᠠ ᠶᠢᠨ ᠴᠡᠩᠭᠡᠷ ᠠᠪᠢᠶ᠎ᠠ ᠶᠤᠮ
ᠠᠨᠢᠷ ᠳᠡᠯᠡᠳᠦᠭ᠍ᠰᠡᠨ ᠴᠤᠮᠪᠣᠩ ᠳᠦᠷᠪᠡᠨ ᠳᠤᠭᠤᠷᠠᠢ ᠴᠢᠨᠢ
ᠡᠪ ᠤᠨ ᠰᠤᠷᠠᠭ ᠤᠨ ᠡᠪᠭᠡᠭᠡᠰᠤ ᠳᠠᠢ᠌ᠯᠤᠭᠰᠠᠨ ᠴᠤᠤᠷᠢᠶ᠎ᠠ ᠶᠤᠮ
ᠠᠭᠠᠷ ᠰᠠᠮᠨᠠᠭᠰᠠᠨ ᠣᠩᠭ᠋ᠤᠨ ᠪᠣᠭᠤᠷᠤᠯ ᠳᠠᠯ ᠴᠢᠨᠢ
ᠡᠷ᠎ᠡ ᠶᠢᠨ ᠰᠦᠷ ᠢ ᠡᠯᠭᠦᠵᠤ ᠪᠣᠰᠤᠭᠰᠠᠨ ᠳᠠᠷᠴᠤᠭ ᠶᠤᠮ
ᠠᠰᠢᠳᠠ ᠠᠨᠢᠳᠠᠭ ᠦᠭᠡᠶ ᠴᠤᠯᠮᠤᠨ ᠬᠤᠶᠠᠷ ᠨᠢᠳᠤ ᠴᠢᠨᠢ
ᠡᠯᠡᠢ ᠪᠠᠯᠠᠢ ᠬᠠᠷᠠᠩᠭ᠋ᠤᠢ ᠶᠢ ᠵᠠᠯᠭᠢᠬᠤ ᠦᠷ ᠶᠤᠮ
ᠰᠠᠩᠭᠢᠰ ᠭᠡᠰᠡᠨ ᠳᠤᠭᠤᠰ ᠤᠨ ᠰᠠᠢ᠌ᠬᠠᠨ ᠰᠡᠭᠦᠯ ᠴᠢᠨᠢ
ᠰᠠᠤᠠᠭᠢᠯ ᠤᠨ ᠣᠢ᠌ᠤᠠᠬᠠᠷ ᠢ ᠥᠯᠳᠡᠭᠡᠤᠨ ᠦᠭᠭᠦ ᠭᠦᠪᠢᠭᠦᠷ ᠶᠤᠮ
ᠰᠡᠭᠡᠰ ᠭᠡᠰᠡᠨ ᠣᠰᠤᠨ ᠵᠢᠷᠤᠭ᠎ᠠ ᠭᠦᠶᠦᠳᠡᠯ ᠴᠢᠨᠢ
ᠰᠢᠯᠢ ᠶᠢᠨ ᠭᠦᠳᠡᠭᠡ ᠶᠢ ᠡᠪᠭᠡᠭᠡᠤᠨ ᠢᠷᠡᠭᠦ ᠵᠡᠷᠭᠡᠯᠭᠡᠨ ᠶᠤᠮ
ᠬᠠᠩᠭᠢᠰ ᠭᠡᠭᠦ ᠬᠠᠵᠠᠭᠠᠷ ᠤᠨ ᠠᠯᠳᠠᠨ ᠳᠤᠪᠣᠷᠤᠤ ᠴᠢᠨᠢ
ᠬᠠᠷᠠᠩᠭ᠋ᠤᠢ ᠰᠦᠨᠢ ᠶᠢᠨ ᠰᠦᠮᠠᠨ ᠴᠠᠭᠠᠨ ᠣᠳᠤᠳ ᠶᠤᠮ
ᠬᠠᠩᠭᠢᠷ ᠭᠡᠭᠦ ᠳᠦᠷᠦᠭᠡ ᠶᠢᠨ ᠮᠥᠩᠭᠦᠨ ᠭᠢᠰᠭᠢᠭᠦᠷ ᠴᠢᠨᠢ
ᠬᠠᠪᠢᠰᠤᠳᠤ ᠳᠡᠦᠭᠡ ᠶᠢᠨ ᠳᠠᠮᠠᠭᠠᠨ ᠭᠦᠭᠡ ᠣᠯᠠ ᠶᠤᠮ
ᠡᠯᠡᠭ᠍ᠳᠡᠳᠡᠭ᠌ ᠦᠭᠡᠶ ᠽᠠᠠᠳᠠᠨ ᠣᠯᠠᠭᠠᠨ ᠡᠮᠡᠭᠡᠯ ᠴᠢᠨᠢ
ᠠᠪᠣ ᠶᠢᠨ ᠮᠢᠨᠢ ᠰᠢᠳᠤ ᠪᠠᠨ ᠵᠠᠭᠤᠨ ᠭᠢᠭ᠍ᠰᠡᠨ ᠤ ᠪᠠᠯᠭᠡ ᠶᠤᠮ
ᠡᠳ᠋ᠯᠡᠵᠤ ᠳᠠᠰᠤᠷᠠᠳᠠᠭ ᠦᠭᠡᠶ ᠮᠤᠭᠠᠢ ᠡᠷᠢᠶᠡᠨ ᠤᠯᠦᠡᠭ᠌ ᠴᠢᠨᠢ
ᠡᠵᠢ ᠶᠢᠨ ᠮᠢᠨᠢ ᠭᠠᠷ ᠤᠨ ᠡᠷᠴᠢ ᠭᠦᠶᠦᠭ᠍ᠰᠡᠨ ᠮᠦᠷ ᠲᠡᠶ ᠶᠤᠮ
ᠦᠳᠡᠰᠢ ᠶᠢᠨ ᠨᠠᠷᠠ ᠠᠷᠭᠠᠮᠵᠢᠭᠠᠤᠨ ᠠᠪᠣᠮᠠᠷ ᠴᠤᠯᠪᠣᠭᠤᠷ ᠴᠢᠨᠢ
ᠪᠠᠷᠢ ᠶᠢᠨ ᠣᠷᠠᠨ ᠢ ᠱᠤᠮᠳᠠᠢ ᠭᠠᠢ᠌ᠬᠠᠭᠤᠯᠤᠭᠰᠠᠨ ᠦᠵᠡᠮᠤᠷᠢ ᠶᠤᠮ
ᠥᠷᠯᠦᠭᠡ ᠶᠢᠨ ᠨᠠᠷᠠ ᠵᠠᠯᠠᠭᠠᠤᠨ ᠢᠷᠠᠮᠠᠷ ᠵᠢᠯᠤᠭᠤ ᠴᠢᠨᠢ
ᠭᠦᠤ ᠶᠢᠨ ᠭᠦᠰᠡᠯ ᠢ ᠵᠠᠮ ᠲᠡᠶ ᠬᠤᠯᠪᠣᠭᠰᠠᠨ ᠰᠤᠷᠠᠭ ᠶᠤᠮ
ᠵᠤᠬᠢᠶᠠᠭᠴᠢ᠄ ᠰᠡᠴᠡᠨᠬᠦ᠋ᠦ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3612
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ