ᠨᠡᠪᠲᠡᠷᠡᠨ ᠤᠷᠤᠬᠤ
ᠮᠤᠩᠭ᠋ᠤᠯ ᠶᠢᠡᠨ ᠣᠩᠰᠢᠭᠠᠴᠢ

ᠮᠥᠩᠭᠡ ᠳᠡᠭ᠍ᠷᠢ ᠶᠢᠨ ᠭᠡᠵᠢᠭᠡ ᠪᠣᠯᠤᠭᠰᠠᠨ

ᠪᠣᠰᠤᠭ᠎ᠠ ᠰᠤᠶᠤᠯ ᠶᠢᠡᠨ ᠣᠩᠰᠢᠭᠠᠴᠢ

ᠮᠤᠯᠤᠷ ᠡᠷᠳᠡᠨᠢ ᠶᠢᠨ ᠳᠠᠯᠠᠰᠳᠤ ᠪᠣᠯᠤᠭᠰᠠᠨ

ᠪᠣᠭᠤᠷᠤᠯ ᠳᠡᠦᠭᠡ ᠪᠠᠨ ᠣᠩᠰᠢᠭᠠᠴᠢ

ᠠᠽᠢᠶ᠎ᠠ ᠧᠦᠷᠦᠹᠡ᠎ ᠶᠢ ᠳᠤᠩᠰᠤᠯᠭᠠᠭᠰᠠᠨ

ᠠᠷᠪᠠᠨ ᠭᠤᠷᠪᠠᠳᠤᠭᠠᠷ ᠵᠠᠭᠤᠨ ᠶᠢᠡᠨ ᠣᠩᠰᠢᠭᠠᠴᠢ

ᠠᠯᠳᠠᠷ ᠴᠤᠤ ᠲᠡᠶ ᠶᠠᠪᠣᠭᠰᠠᠨ

ᠠᠭᠤᠤ ᠳᠡᠭᠡᠳᠦᠰ ᠶᠢᠡᠨ ᠣᠩᠰᠢᠭᠠᠴᠢ

ᠠᠳᠤᠭᠤ ᠮᠠᠯ ᠪᠠᠯᠴᠢᠭ᠍ᠰᠡᠨ

ᠠᠳᠠᠷ ᠳᠠᠯ᠎ᠠ ᠪᠡᠨ ᠣᠩᠰᠢᠭᠠᠴᠢ

ᠠᠢ᠌ᠷᠠᠭ ᠤᠨ ᠦᠨᠦᠷ ᠬᠠᠩᠬᠤᠯᠤᠭᠰᠠᠨ

ᠠᠮᠢᠳᠤᠷᠠᠯ ᠤᠨ ᠭᠦᠨᠦᠭ᠌ ᠶᠢᠡᠨ ᠣᠩᠰᠢᠭᠠᠴᠢ


ᠮᠢᠩᠭ᠋ᠠᠨ ᠴᠠᠭᠠᠨ ᠰᠦᠷᠦᠭ᠌ ᠤᠨ ᠵᠢᠠᠨ

ᠳᠠᠭᠤᠤ ᠱᠤᠤ ᠶᠢ ᠣᠩᠰᠢᠭᠠᠴᠢ

ᠮᠥᠩᠭᠡ ᠳᠡᠭ᠍ᠷᠢ ᠶᠢᠨ ᠳᠤᠤᠷᠠᠭᠢ

ᠮᠤᠷᠢᠳᠠᠢ ᠵᠠᠶᠠᠭ᠎ᠠ ᠪᠠᠨ ᠣᠩᠰᠢᠭᠠᠴᠢ


ᠨᠠᠢ᠌ᠵᠠ ᠮᠢᠨᠢ  

ᠮᠤᠩᠭ᠋ᠤᠯ ᠶᠢᠡᠨ ᠣᠩᠰᠢᠭᠠᠴᠢ ᠡ

ᠨᠠᠷᠠᠨ ᠵᠥᠭ᠌ ᠤᠨ ᠮᠤᠩᠭ᠋ᠤᠯ ᠶᠢᠡᠨ

ᠨᠠᠰᠤ ᠪᠠᠷ ᠶᠢᠡᠨ ᠣᠩᠰᠢᠵᠤ ᠶᠠᠪᠣᠭᠠᠷᠠᠢ

ᠣᠷᠴᠢᠯᠠᠩ ᠳᠤ ᠭᠠᠭᠴᠠᠬᠠᠨ ᠮᠤᠩᠭ᠋ᠤᠯ ᠭᠡᠳᠡᠭ᠌

ᠣᠳᠤ ᠰᠢᠭ᠌ ᠭᠦᠮᠦᠰ ᠤᠨ ᠬᠣᠢ᠌ᠴᠢᠰ ᠭᠡᠵᠤ

ᠣᠠᠳᠤᠤ ᠭᠡᠨ ᠴᠤ ᠪᠢᠰᠢ

ᠬᠠᠷᠢᠨ ᠪᠢᠳᠠ ᠯᠠ ᠪᠠᠢ᠌ᠭ᠎ᠠ ᠶᠤᠮ ᠰᠢᠤ


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠵᠢᠨ 10 ᠣᠨ ᠤ ᠣᠶᠤᠳᠠᠨ

ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2905
ᠴᠠᠭ᠄ 2011 ᠤᠨ ᠤ 10 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ