ᠨᠡᠪᠲᠡᠷᠡᠨ ᠤᠷᠤᠬᠤ
ᠠᠰᠬ᠎ᠠ ᠳᠤ ᠨᠢᠳᠦᠯᠡᠭ᠍ᠰᠡᠨ ᠢᠷᠭᠤᠢ

ᠬᠠᠳᠠᠨ ᠴᠤᠭᠴᠠᠰ ᠡᠴᠡ ᠴᠢᠨᠢ ᠰᠢᠮ᠎ᠠ ᠭᠦᠷᠳᠡᠵᠤ

ᠬᠠᠢ᠌ᠷ ᠴᠢᠯᠠᠭᠤᠨ ᠡᠴᠡ ᠴᠢᠨᠢ ᠣᠮᠳᠠ ᠠᠳᠢᠰᠯᠠᠵᠤ

ᠬᠠᠳᠠᠭᠤᠬᠠᠨ ᠠᠷᠠᠠᠰᠢᠨ ᠶᠢᠠᠷ ᠴᠢᠨᠢ ᠥᠮᠦᠭ ᠲᠤᠯᠭᠠᠭᠤᠷᠢᠯᠠᠵᠤ

ᠬᠠᠢ᠌ᠷ᠎ᠠ ᠶᠢᠨ ᠣᠶᠠᠬᠠᠨ ᠳᠠᠭᠤᠳᠠᠯᠭ᠎ᠠ ᠪᠠᠷ ᠴᠢᠨᠢ

ᠬᠠᠪᠣᠷ ᠡᠴᠡ ᠡᠷᠳᠡ ᠪᠢ ᠨᠢᠳᠦᠯᠡᠭ᠍ᠰᠡᠨ︕

《ᠠᠰᠬ᠎ᠠ ᠬᠠᠳᠠ ᠶᠢ ᠦᠨᠳᠦᠷ ᠭᠡᠳ

ᠬᠠᠢ᠌ᠷ᠎ᠠ ᠪᠠᠨ ᠪᠢᠳᠡᠭᠡᠢ ᠳᠠᠠᠳᠠ ᠰᠠᠭᠤᠯᠭᠠᠴᠢᠬ᠎ᠠ》 ᠭᠡᠵᠤ

ᠠᠪᠣᠷᠭᠤ ᠲ᠋ᠸᠭᠤᠷ ᠳᠡᠯᠡᠭᠡᠢ ᠳᠤ ᠵᠠᠷᠯᠠᠭᠰᠠᠨ ᠴᠤ

ᠪᠠᠢ᠌ᠭᠠᠯᠢᠯᠢᠭ ᠬᠠᠢ᠌ᠷ᠎ᠠ ᠳᠤ ᠴᠢᠨᠢ ᠠᠭᠤᠰᠬᠤ ᠭᠡᠵᠤ

ᠠᠷᠢᠭᠤᠨ ᠡᠯᠢᠭᠡᠨ ᠡᠴᠡ ᠴᠢᠨᠢ ᠪᠢ ᠨᠡᠪᠴᠢᠭ᠍ᠰᠡᠨ︕

ᠠᠰᠬ᠎ᠠ ᠳᠤ ᠨᠢᠳᠦᠯᠡᠭ᠍ᠰᠡᠨ ᠢᠷᠭᠤᠢ ᠊᠊᠊᠊᠊᠊᠊᠊᠊᠊᠊᠊᠊᠊᠊

ᠬᠠᠢ᠌ᠷ᠎ᠠ ᠶᠢᠨ ᠳᠦᠯᠦᠭᠡᠨ᠎ᠡ ᠣᠷᠭᠤᠭᠰᠠᠨ ᠬᠠᠳᠠᠨ ᠪᠢᠴᠢᠭ᠌

ᠬᠠᠢ᠌ᠷᠠᠯᠠᠬᠤ ᠶᠢᠨ ᠡᠷᠭᠡᠨ᠎ᠡ ᠲ᠋ᠡᠯᠭᠡᠷᠡᠭ᠍ᠰᠡᠨ ᠵᠢᠩᠭᠢᠨᠢ ᠳᠤᠤᠯᠢ

ᠬᠠᠢ᠌ᠷᠠᠳᠠᠢ ᠭᠡᠳᠡᠭ᠌ ᠶᠢᠡᠨ ᠳᠤᠩᠬᠠᠭᠯᠠᠭᠰᠠᠨ ᠢᠯᠠ ᠳᠤᠪᠴᠢᠶᠠᠨ

ᠬᠠᠢ᠌ᠷᠠᠯᠠᠭᠳᠠᠬᠤ ᠵᠥᠭ᠌ ᠲᠡᠭᠡᠨ ᠳᠡᠮᠡᠤᠯᠡᠭ᠍ᠰᠡᠨ ᠭᠤᠸ᠎ᠠ ᠠᠯᠬᠤᠭ᠎ᠠ

ᠠᠰᠬ᠎ᠠ ᠳᠤ ᠨᠢᠳᠦᠯᠡᠭ᠍ᠰᠡᠨ ᠢᠷᠭᠤᠢ

ᠳᠠᠯᠪᠢ ᠪᠠᠨ ᠵᠠᠳᠠᠯᠵᠤ ᠬᠠᠳᠠᠨ ᠳᠤ ᠡᠭᠡᠨᠢᠭ᠍ᠰᠢᠨ᠎ᠡ

ᠳᠡᠯᠡᠭᠡᠢ ᠣᠭᠤᠷᠴᠤ ᠬᠠᠳᠠᠨ ᠳᠤ ᠪᠠᠨ ᠪᠣᠴᠠᠨ᠎ᠠ︕


ᠵᠤᠬᠢᠶᠠᠭᠴᠢ ᠶᠢᠨ ᠬᠠᠶ‍ᠢᠭ᠄ ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤ

ᠵᠤᠬᠢᠶᠠᠭᠴᠢ᠄ ᠪᠣᠷᠵᠢᠭᠢᠨ ᠰᠦᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2009 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ