ᠨᠡᠪᠲᠡᠷᠡᠨ ᠤᠷᠤᠬᠤ
ᠣᠷᠴᠢᠯᠠᠩ ᠴᠤᠬᠤᠮ ᠬᠡᠴᠢᠨᠡᠨ ᠶᠡᠬᠡ ᠪᠤᠢ︖

ᠣᠷᠴᠢᠯᠠᠩ ᠪᠣᠯ ᠥᠵᠦᠭᠦᠷ ᠭᠢᠵᠠᠭᠠᠷ ᠦᠭᠡᠶ ᠶᠡᠭᠡ ᠶᠤᠮ᠃ ᠡᠨᠡ ᠨᠢ ᠳᠡᠭ᠍ᠷᠢ ᠪᠣᠯ ᠭᠦᠪᠠᠭᠡ ᠦᠭᠡᠶ ᠭᠡᠳᠡᠭ᠌ ᠲᠡᠶ ᠠᠳᠠᠯᠢ ᠶᠤᠮ᠃

ᠳᠠᠯᠠᠭᠢ ᠶᠢᠨ ᠪᠦᠮᠪᠦᠷᠴᠡᠭ᠌ ᠨᠢ ᠭᠦᠮᠤᠨ ᠲᠦᠷᠦᠯᠭᠢᠳᠠᠨ ᠳᠤ ᠠᠪᠴᠤ ᠭᠡᠯᠡᠪᠠᠯ ᠨᠡᠭᠡᠷᠡᠨ ᠭᠦᠪᠠᠭᠡ ᠦᠭᠡᠶ ᠠᠭᠤᠳᠠᠮ ᠠᠵᠠᠢ᠂ ᠭᠡᠪᠠᠴᠤ ᠳᠡᠯᠡᠭᠡᠢ ᠶᠢᠨ ᠪᠦᠮᠪᠦᠷᠴᠡᠭ᠌ ᠤᠨ ᠳᠤᠮᠳᠠᠴᠢ ᠷᠠᠳᠢᠤᠰ ᠨᠢ 6371 ᠺᠢᠯᠤᠮᠸᠲ᠋ᠷ ᠯᠠ ᠪᠠᠢ᠌ᠵᠤ ᠨᠠᠷᠠ ᠶᠢ ᠪᠣᠳᠤᠪᠠᠯ ᠶᠤᠰᠤᠳᠠᠢ ᠭᠦᠭᠡᠷᠦᠭᠦᠢᠯᠡᠯᠳᠡᠢ ᠵᠢᠭᠠᠬᠠᠨ ᠶᠤᠮᠰᠠᠨ᠃ ᠨᠠᠷᠠ ᠶᠢ ᠭᠡᠷᠪᠡ ᠭᠦᠡᠳᠡᠢ ᠪᠦᠮᠪᠦᠭᠡ ᠭᠡᠵᠤ ᠪᠣᠳᠤᠬᠤ ᠳᠤ ᠭᠦᠷᠪᠠᠯ ᠳᠤᠳᠤᠷ᠎ᠠ ᠨᠢ 130 ᠲᠦᠮᠡᠨ ᠳᠡᠯᠡᠭᠡᠢ ᠶᠢᠨ ᠪᠦᠮᠪᠦᠷᠴᠡᠭ᠌ ᠢ ᠪᠠᠭᠳᠠᠭᠠᠵᠤ ᠳᠠᠢ᠌ᠯᠤᠨ᠎ᠠ ᠃ ᠭᠡᠳᠡᠯ᠎ᠡ ᠨᠠᠷᠠ ᠨᠢ ᠴᠤ ᠭᠡᠰᠡᠨ ᠳᠡᠭ᠍ᠷᠢ ᠶᠢᠨ ᠣᠶᠤᠳᠠᠯ ᠤᠨ ᠣᠳᠤᠨ ᠠᠢ᠌ᠮᠠᠭ ᠳᠠᠭᠢ ᠡᠩ ᠤᠨ ᠨᠢᠭᠡᠨ ᠠᠰᠢᠳᠠ ᠶᠢᠨ ᠣᠳᠤᠨ ᠶᠤᠮ ᠃ ᠠᠭᠤᠳᠠᠮ ᠶᠡᠭᠡ ᠳᠡᠭ᠍ᠷᠢ ᠶᠢᠨ ᠣᠶᠤᠳᠠᠯ ᠤᠨ ᠣᠳᠤᠨ ᠠᠢ᠌ᠮᠠᠭ ᠲᠤ ᠨᠠᠷᠠᠨ ᠳᠤ ᠠᠳᠠᠯᠢ ᠳᠤᠮᠤ ᠂ ᠴᠢᠨᠠᠭᠰᠢᠯᠠᠪᠠᠯ ᠨᠠᠷᠠᠨ ᠡᠴᠡ ᠳᠤᠮᠤ ᠠᠰᠢᠳᠠ ᠶᠢᠨ ᠣᠳᠤᠨ ᠮᠢᠩᠭ᠋᠎ᠠ ᠭᠠᠷᠤᠢ ᠳ᠋ᠦ᠋ᠩᠰᠢᠭᠤᠷ ᠪᠠᠢ᠌ᠬᠤ ᠶᠤᠮ᠃

ᠡᠭᠦᠨ ᠢ ᠣᠩᠰᠢᠭᠠᠤᠨ ᠳᠠ ᠯᠠᠪ ᠳᠡᠭ᠍ᠷᠢ ᠶᠢᠨ ᠣᠶᠤᠳᠠᠯ ᠡᠴᠡ ᠶᠡᠭᠡ ᠶᠠᠭᠤᠮ᠎ᠠ ᠪᠠᠢ᠌ᠬᠤ ᠦᠭᠡᠶ ᠭᠡᠵᠤ ᠪᠣᠳᠤᠬᠤ ᠪᠠᠢ᠌ᠬ᠎ᠠ᠃ ᠥᠨᠡ᠊ᠨᠳᠡᠭᠡᠨ ᠳᠠᠢ᠌ᠮᠤ ᠪᠢᠰᠢ᠂ ᠣᠳᠤᠨ ᠣᠷᠤᠨ ᠤ ᠰᠤᠳᠤᠯᠤᠭᠴᠢᠳ ᠳᠤᠷᠠᠨ ᠶᠢᠡᠷ ᠣᠯᠵᠤ ᠥᠵᠡᠭ᠍ᠰᠡᠨ ᠳᠡᠭ᠍ᠷᠢ ᠶᠢᠨ ᠣᠶᠤᠳᠠᠯ ᠲᠡᠶ ᠳᠦᠰᠦᠭᠡᠳᠡᠢ ᠠᠰᠢᠳᠠ ᠶᠢᠨ ᠣᠳᠤᠨ ᠰᠢᠰᠲ᠋ᠸᠮ 10 ᠳ᠋ᠦ᠋ᠩᠰᠢᠭᠤᠷ ᠭᠠᠷᠤᠢ ᠪᠣᠢ᠂ ᠡᠳᠡᠭᠡᠷ ᠢ 《ᠣᠶᠤᠳᠠᠯ ᠤᠨ ᠭᠠᠳᠠᠨᠠᠭᠢ ᠣᠳᠤᠨ ᠠᠢ᠌ᠮᠠᠭ》 ᠭᠡᠳᠡᠭ᠌᠂ ᠡᠭᠦᠨ ᠡᠴᠡ ᠭᠠᠳᠠᠨ᠎ᠠ ᠨᠠᠩ ᠬᠤᠯᠠ ᠪᠠᠢ᠌ᠭ᠎ᠠ ᠨᠠᠩ ᠣᠯᠠᠨ ᠣᠶᠤᠳᠠᠯ ᠤᠨ ᠭᠠᠳᠠᠨᠠᠭᠢ ᠣᠳᠤᠨ ᠠᠢ᠌ᠮᠠᠭ ᠢ ᠣᠳᠤ ᠪᠣᠯᠳᠠᠯ᠎ᠠ ᠣᠯᠵᠤ ᠮᠡᠳᠡᠭᠡᠳᠦᠢ ᠪᠠᠢ᠌ᠭᠰᠠᠭᠠᠷ᠃ ᠪᠣᠢ ᠪᠦᠭᠦᠢ ᠡᠳᠡᠭᠡᠷ ᠣᠳᠤᠨ ᠠᠢ᠌ᠮᠠᠭ ᠤᠳ ᠨᠢ ᠪᠠᠰᠠ 《ᠨᠠᠢ᠌ᠳᠠ ᠣᠳᠤᠨ ᠰᠢᠰᠲ᠋ᠸᠮ》 ᠭᠡᠭᠦ ᠨᠠᠩ ᠶᠡᠭᠡ ᠰᠢᠰᠲ᠋ᠸᠮ ᠳᠤ ᠪᠠᠭᠳᠠᠵᠤ ᠪᠠᠢ᠌ᠳᠠᠭ ᠰᠠᠨ᠃

ᠣᠳᠤ ᠦᠶ᠎ᠡ ᠶᠢᠨ ᠣᠳᠤᠨ ᠣᠷᠤᠨ ᠤ ᠬᠠᠮᠤᠭ ᠳᠤᠮᠤ ᠳᠤᠷᠠᠨ ᠶᠢᠡᠷ ᠮᠠᠨᠤᠰ ᠡᠴᠡ 100 ᠳ᠋ᠦ᠋ᠩᠰᠢᠭᠤᠷ ᠭᠡᠷᠡᠯ ᠵᠢᠯ ᠠᠯᠤᠰ ᠪᠠᠢ᠌ᠭ᠎ᠠ ᠣᠳᠤᠨ ᠠᠢ᠌ᠮᠠᠭ ᠢ ᠣᠯᠵᠤ ᠦᠵᠡᠵᠤ ᠴᠢᠳᠠᠬᠤ ᠪᠣᠯᠤᠯ᠎ᠠ ᠃ ᠭᠡᠰᠡᠨ ᠴᠤ ᠪᠠᠰᠠᠯᠠ ᠡᠨᠡᠭᠦ ᠨᠠᠢ᠌ᠳᠠ ᠣᠳᠤᠨ ᠰᠢᠰᠲ᠋ᠸᠮ ᠤᠨ ᠭᠡᠪᠴᠢᠶ᠎ᠡ ᠡᠴᠡ ᠭᠠᠷᠤᠭ᠎ᠠ ᠦᠭᠡᠶ ᠶᠤᠮ ᠃

ᠳᠡᠭᠡᠪᠠᠯ ᠨᠠᠢ᠌ᠳᠠ ᠣᠳᠤᠨ ᠰᠢᠰᠲ᠋ᠸᠮ ᠨᠢ ᠭᠡᠳᠦᠢ ᠶᠡᠭᠡ ᠪᠠᠢ᠌ᠳᠠᠭ ᠪᠣᠢ ︖ ᠭᠡᠪᠠᠯ ᠳᠡᠭᠦᠨ ᠤ ᠭᠦᠪᠠᠭᠡ ᠨᠢ ᠬᠠᠮᠢᠭ᠎ᠠ ᠪᠠᠢ᠌ᠬᠤ᠂ ᠲᠦᠪ ᠨᠢ ᠬᠠᠮᠢᠭ᠎ᠠ ᠪᠠᠢ᠌ᠬᠤ ᠶᠢ ᠪᠢᠳᠠ ᠣᠳᠤ ᠪᠣᠯᠳᠠᠯ᠎ᠠ ᠮᠡᠳᠡᠭᠡᠳᠦᠢ ᠪᠠᠢ᠌ᠭᠰᠠᠭᠠᠷ᠃ ᠢᠷᠡᠭᠡᠳᠦᠢ ᠳᠤ ᠰᠢᠡᠵᠢᠯᠡᠭᠦ ᠣᠬᠠᠭᠠᠨ ᠭᠦᠭ᠍ᠵᠢᠭᠡᠤᠨ ᠨᠠᠢ᠌ᠳᠠ ᠣᠳᠤᠨ ᠰᠢᠰᠲ᠋ᠸᠮ ᠤᠨ ᠭᠦᠪᠠᠭᠡ ᠵᠠᠬ᠎ᠠ ᠶᠢ ᠡᠷᠢᠭᠡᠤᠨ ᠣᠯᠴᠢᠬᠠᠯ᠎ᠠ ᠴᠤ ᠭᠡᠰᠡᠨ ᠣᠷᠴᠢᠯᠠᠩ ᠤᠨ ᠥᠵᠦᠭᠦᠷ ᠲᠤ ᠭᠦᠷᠴᠢᠭᠡᠭ᠍ᠰᠡᠨ ᠶᠠᠪᠣᠳᠠᠯ ᠪᠢᠰᠢ ᠶᠤᠮ᠂ ᠣᠴᠢᠷ ᠨᠢ ᠨᠠᠢ᠌ᠳᠠ ᠣᠳᠤᠨ ᠰᠢᠰᠲ᠋ᠸᠮ ᠤᠨ ᠴᠠᠭᠠᠨ᠎ᠠ ᠪᠠᠰᠠ ᠪᠣᠰᠤᠳ ᠳᠡᠭ᠍ᠷᠢ ᠶᠢᠨ ᠴᠤᠭᠴᠠᠰ ᠪᠠ ᠳᠡᠭ᠍ᠷᠢ ᠶᠢᠨ ᠴᠤᠭᠴᠠᠰ ᠤᠨ ᠰᠢᠰᠲ᠋ᠸᠮ ᠤᠳ ᠪᠠᠢ᠌ᠬᠤ ᠨᠢ ᠯᠠᠪᠳᠠᠢ᠃ ᠵᠥᠪᠭᠡᠨ ᠣᠳᠤ ᠪᠣᠯᠳᠠᠯ᠎ᠠ ᠭᠦᠮᠤᠨ ᠲᠦᠷᠦᠯᠭᠢᠳᠠᠨ ᠣᠯᠵᠤ ᠮᠡᠳᠡᠭᠡᠳᠦᠢ ᠳᠠᠳᠤᠢ ᠶᠤᠮ᠃

ᠡᠭᠦᠨ ᠶᠢᠡᠷ ᠦᠯᠦ ᠪᠠᠷᠠᠮ ᠣᠷᠴᠢᠯᠠᠩ ᠤᠨ 《ᠠᠮᠢ ᠨᠠᠰᠤ》 ᠴᠤ ᠳᠠᠭᠤᠰᠤᠰᠢ ᠦᠭᠡᠶ ᠶᠤᠮ᠃ ᠳᠡᠭᠦᠨ ᠳᠤ ᠮᠡᠡᠳᠦᠯᠡᠭ᠍ᠰᠡᠨ ᠴᠠᠭ ᠭᠡᠵᠤ ᠪᠠᠢ᠌ᠬᠤ ᠦᠭᠡᠶ᠂ ᠰᠥᠨᠦᠭᠦ ᠴᠠᠭ ᠭᠡᠵᠤ ᠴᠤ ᠠᠯᠠᠭ᠎ᠠ᠃


ᠵᠤᠬᠢᠶᠠᠭᠴᠢ᠄ ᠰᠡᠴᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 6782
ᠴᠠᠭ᠄ 2010 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ