ᠨᠡᠪᠲᠡᠷᠡᠨ ᠤᠷᠤᠬᠤ
ᠪᠢ ᠠᠯᠬᠤᠶ᠎ᠠ᠂ ᠭᠦᠤ ᠮᠢᠨᠢ

ᠪᠢ ᠭᠡᠢ ᠰᠦᠨᠠᠰᠤ ᠪᠠᠷ ᠬᠤᠷᠣᠢ᠌ᠯᠵᠠᠨ ᠪᠠᠢ᠌ᠭᠰᠠᠨ ᠳᠤ

ᠪᠠᠶ᠎ᠠ ᠴᠠᠭᠢᠷᠠᠭ ᠠᠪᠣ ᠮᠢᠨᠢ ᠨᠠᠳᠠ ᠶᠢ ᠡᠰ ᠪᠣᠯᠭᠠᠭᠰᠠᠨ

ᠪᠢᠯᠢᠭ᠌ ᠣᠬᠠᠭᠠᠨ᠂ ᠪᠢᠷ᠎ᠠ ᠴᠤᠭᠴᠠᠰ ᠶᠢᠡᠷ ᠭᠡᠨ ᠡᠴᠡ ᠴᠤ ᠳᠤᠤᠷ᠎ᠠ ᠦᠭᠡᠶ

ᠪᠠᠢ᠌ᠭᠠᠯᠢ ᠳᠡᠯᠡᠭᠡᠢ ᠶᠢᠨ ᠨᠠᠷᠠ ᠶᠢ ᠪᠢ ᠳᠡᠭ᠍ᠰᠢ ᠪᠠᠷᠠᠯᠠᠭᠰᠠᠨ


ᠪᠢ ᠭᠦᠤ ᠪᠣᠯᠵᠤ᠂ ᠭᠦᠰᠡᠯ ᠪᠣᠯᠵᠤ

ᠭᠦᠮᠤᠨ ᠤ ᠣᠷᠴᠢᠯᠠᠩ ᠳᠤ ᠮᠦᠷ ᠳᠠᠮᠠᠭᠠᠯᠠᠬᠤ ᠳᠤ

ᠮᠢᠨᠤ ᠲᠦᠯᠦᠭᠡ ᠠᠪᠣ ᠮᠢᠨᠢ ᠪᠠᠶ᠎ᠠ ᠴᠤᠴᠠᠷᠠᠭᠰᠠᠨ

ᠪᠢᠯᠢᠭ᠌ ᠶᠢᠡᠨ ᠰᠢᠪᠬᠠᠨ ᠠᠪᠣ ᠮᠢᠨᠢ ᠴᠢᠮᠦᠭᠡ ᠳᠤᠠᠳᠠᠷᠠᠭᠤᠯᠤᠭᠰᠠᠨ

ᠠᠪᠣ ᠪᠠᠨ ᠭᠡᠵᠤ ᠪᠢ ᠦᠷᠤ ᠵᠥᠭᠡᠯᠡᠷᠡᠭᠡ ᠦᠭᠡᠶ

ᠠᠮᠢ ᠶᠢᠨ ᠮᠢᠨᠢ ᠳᠡᠭ᠍ᠷᠢ ᠭᠡᠵᠤ ᠪᠢ ᠣᠬᠠᠷᠠᠭ᠎ᠠ ᠦᠭᠡᠶ

ᠠᠰ ᠤᠨ ᠪᠠᠶ᠎ᠠ ᠶᠢᠨ ᠮᠢᠨᠢ ᠡᠷᠭᠡ ᠭᠡᠵᠤ

ᠠᠪᠣ ᠳᠤ ᠪᠠᠨ ᠶᠠᠭᠤ ᠭᠡᠯᠡᠵᠤ ᠪᠠᠢ᠌ᠯ᠎ᠠ᠂ ᠪᠢ ᠴᠢᠨᠢ᠁


ᠣᠳᠤ ᠪᠣᠳᠤᠬᠤ ᠳᠤ᠂ ᠳᠠᠩᠭᠢ ᠪᠠᠢ᠌ᠵᠠᠢ ᠪᠢ ᠴᠢᠨᠢ

ᠣᠷᠳᠤ ᠣᠬᠤᠷ ᠢ ᠮᠡᠳᠡᠭᠦ ᠦᠭᠡᠶ ᠳᠡᠨᠡᠭ᠌ ᠪᠠᠢ᠌ᠵᠠᠢ᠂ ᠪᠢ ᠴᠢᠨᠢ

ᠣᠷᠭᠤᠭ᠎ᠠ ᠦᠰᠦ ᠨᠢ ᠪᠣᠭᠤᠷᠤᠯᠳᠤᠵᠤ ᠢᠷᠡᠭᠦ ᠪᠠᠷ ᠨᠢ

ᠣᠷᠴᠢᠯᠠᠩ ᠭᠡᠭ᠍ᠴᠢ ᠮᠥᠩᠭᠡ ᠪᠢᠰᠢ ᠶᠢ ᠮᠠᠳᠠᠵᠤ ᠳ᠋ᠠ ︕


ᠠᠪᠣ ᠮᠢᠨᠢ ᠠᠯᠢ ᠡᠴᠡ ᠨᠢ ᠢᠯᠡᠭᠦᠤ ᠨᠠᠳᠠ ᠶᠢ ᠰᠠᠨᠠᠵᠤ

ᠠᠮᠢ ᠡᠴᠠ ᠪᠠᠨ ᠢᠯᠡᠭᠦᠤ ᠨᠠᠳᠠ ᠶᠢ ᠪᠣᠳᠤᠵᠤ

ᠠᠮᠢ ᠶᠢᠨ ᠮᠢᠨᠢ ᠦᠷᠭᠦᠯᠵᠢᠯᠡᠯ ᠭᠡᠵᠤ ᠨᠠᠳᠠ ᠳᠤ ᠪᠠᠨ ᠥᠮᠴᠢᠷᠭᠡᠨ

ᠠᠯᠳᠠᠨ ᠳᠡᠯᠡᠭᠡᠢ ᠳᠤ ᠣᠮᠤᠭ ᠲᠡᠶ ᠶᠠᠪᠣᠯ᠎ᠠ᠂ ᠣᠯᠵᠠ ᠲᠡᠶ ᠴᠤ ᠶᠠᠪᠣᠯ᠎ᠠ


ᠠᠪᠣ ᠮᠢᠨᠢ ᠡᠪᠦᠭᠡᠷᠡᠯ᠎ᠡ᠂ ᠡᠪᠡᠳᠴᠢᠨ ᠡᠮᠭᠡᠭ᠌ ᠲᠤ ᠣᠷᠢᠶᠠᠭᠳᠠᠯᠠᠯ᠎ᠠ

ᠠᠷᠪᠠᠨ ᠨᠢᠭᠦᠯ ᠤᠨ ᠡᠪᠡᠳᠴᠢᠨ ᠠᠯᠬᠤᠬᠤ ᠴᠢᠳᠠᠪᠣᠷᠢ ᠶᠢ ᠨᠢ ᠬᠠᠰᠤᠯ᠎ᠠ

ᠡᠪᠠᠦᠡᠴᠢᠳᠡᠨ ᠤ ᠣᠷᠤ ᠳᠡᠭᠡᠷ᠎ᠡ ᠭᠦᠮᠤᠨ ᠪᠠᠷ ᠡᠷᠭᠦᠭᠦᠯᠭᠦ ᠳᠤ ᠪᠠᠨ

ᠠᠪᠣ ᠨᠢ ᠪᠢ ᠦᠪᠠᠰᠤᠪᠠᠨ ᠠᠯᠬᠤᠶ᠎ᠠ᠂ ᠭᠦᠤ ᠮᠢᠨᠢ᠁


ᠠᠪᠣ ᠪᠠᠨ ᠪᠢ ᠡᠷᠭᠦᠵᠤ ᠳᠠᠢ᠌ᠯᠤᠨ᠎ᠠ᠂ ᠳᠡᠩᠭᠡᠷᠡᠭᠦᠯᠵᠤ ᠴᠢᠳᠠᠬᠤ ᠦᠭᠡᠶ

ᠠᠪᠣ ᠪᠠᠨ ᠪᠢ ᠡᠭᠦᠷᠴᠤ ᠳᠠᠢ᠌ᠯᠤᠨ᠎ᠠ᠂ ᠠᠯᠬᠤᠯᠠᠵᠤ ᠴᠢᠳᠠᠬᠤ ᠦᠭᠡᠶ

ᠠᠯᠬᠤᠨ᠎ᠠ ᠭᠡᠭ᠍ᠴᠢ ᠡᠷᠡᠭᠦᠯ ᠭᠦᠮᠤᠨ ᠳᠤ ᠡᠩ ᠤᠨ ᠣᠴᠢᠷ ᠴᠤ

ᠠᠪᠣ ᠶᠢᠨ ᠮᠢᠨᠢ ᠡᠨᠡ ᠳᠦᠷᠤᠯ ᠳᠤ ᠳᠠᠷᠠ ᠬᠤᠯᠠ ᠪᠣᠯᠵᠠᠢ ᠡ ︕


ᠠᠪᠣ ᠮᠢᠨᠢ᠂ ᠳᠠᠨ ᠶᠢᠡᠨ ᠡᠭᠦᠷᠴᠤ ᠭᠦᠯ ᠴᠢᠨᠢ ᠪᠢ ᠪᠣᠯᠤᠶ᠎ᠠ

ᠠᠪᠣ ᠮᠢᠨᠢ᠂ ᠳᠠᠨ ᠶᠢᠡᠨ ᠠᠰᠠᠷᠠᠵᠤ ᠠᠴᠢᠯᠠᠯ ᠶᠢᠡᠨ ᠪᠢ ᠭᠦᠢᠴᠡᠭᠡᠶ᠎ᠡ

ᠠᠮᠢᠰᠬᠤᠯ ᠤᠨ ᠴᠢᠨᠢ ᠡᠴᠦᠰ ᠤᠨ ᠠᠭᠠᠷ ᠨᠢ ᠪᠢ ᠪᠣᠯᠤᠶ᠎ᠠ

ᠠᠮᠢᠳᠤᠷᠠᠯ ᠢ ᠴᠢᠨᠢ ᠵᠠᠯᠭᠠᠨ ᠪᠣᠴᠠᠯᠭᠠᠬᠤ ᠳᠤᠯᠭ᠎ᠠ ᠨᠢ ᠪᠢ ᠪᠣᠯᠤᠶ᠎ᠠ



ᠵᠤᠬᠢᠶᠠᠭᠴᠢ ᠶᠢᠨ ᠬᠠᠶ‍ᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 09 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ