ᠨᠡᠪᠲᠡᠷᠡᠨ ᠤᠷᠤᠬᠤ
ᠨᠠᠮᠤᠷ ᠤᠨ ᠨᠠᠪᠴᠢᠨ ᠳᠡᠭᠡᠷ᠎ᠡ ᠤᠨᠠᠭᠠᠭᠰᠠᠨ ᠨᠠᠢ᠌ᠷᠠᠭ ᠤᠨ ᠰᠤᠨᠳᠤᠷ
᠊᠊᠊᠊᠊᠊᠊᠊᠊᠊᠊᠊᠊᠊᠊ ᠳᠠᠭᠤᠳᠠᠭᠠᠴᠢ·ᠡᠩᠭᠡᠭᠡᠳᠡ ᠶᠢᠨ 《ᠶᠠᠮᠠᠷ ᠰᠠᠢ᠌ᠬᠠᠨ ᠰᠦᠨᠢ》 ᠭᠡᠮᠡᠭᠦ ᠰᠢᠯᠦᠭ᠌ ᠢ ᠣᠩᠰᠢᠭᠠᠤᠨ ᠁

2011 ᠣᠨ ᠤ ᠬᠠᠪᠣᠷ ᠪᠢ ᠪᠠᠭᠡᠵᠢᠩ ᠳᠤ 《ᠯᠤ ᠰᠢᠶᠦ᠋ᠨ ᠨᠠᠷᠠᠮᠵᠢᠳᠤ》 ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ ᠳᠤ ᠳᠦᠷᠪᠡᠨ ᠰᠠᠷ᠎ᠠ ᠰᠤᠷᠤᠯᠴᠠᠬᠤ ᠵᠠᠪᠰᠢᠶᠠᠨ ᠶᠢᠡᠷ ᠪᠦᠭᠦ ᠣᠯᠤᠰ ᠤᠨ ᠠᠩᠬᠠᠳᠤᠭᠠᠷ ᠣᠳᠠᠭᠠᠨ ᠤ 《ᠮᠥᠩᠭᠡ ᠳᠡᠭ᠍ᠷᠢ》 ᠰᠢᠯᠦᠭ᠌ ᠤᠨ ᠨᠠᠭᠠᠳᠤᠮ ᠤᠨ ᠡᠵᠡᠨ ᠊᠊᠊᠊᠊᠊᠊᠊᠊᠊᠊᠊᠊᠊᠊ ᠳᠠᠭᠤᠳᠠᠭᠠᠴᠢ·ᠡᠩᠭᠡᠭᠡᠳᠡ ᠲᠡᠶ ᠠᠭᠤᠯᠵᠠᠨ ᠳᠠᠨᠢᠯᠴᠠᠯ᠎ᠠ᠃ ᠡᠮᠤᠨ᠎ᠡ ᠨᠢ ᠵᠥᠪᠭᠡᠨ ᠨᠤᠮ ᠤᠨ ᠠᠯᠳᠠᠨ ᠬᠠᠭᠤᠳᠠᠰᠤᠨ ᠡᠴᠡ ᠨᠠᠷ᠎ᠠ ᠠᠯᠳᠠᠷ ᠶᠢᠡᠨ ᠮᠠᠳᠠᠯᠴᠠᠨ ᠠᠳᠠᠯᠢᠬᠠᠨ ᠮᠤᠩᠭ᠋ᠤᠯ ᠰᠤᠶᠤᠯ ᠤᠨ ᠡᠪᠠᠦᠡᠴᠢᠳᠡᠨ ᠭᠡᠳᠡᠭ᠌ ᠶᠢᠡᠨ ᠣᠢ᠌ᠯᠠᠭᠠᠯᠴᠠᠨ ᠶᠠᠪᠣᠭᠰᠠᠨ ᠡᠴᠡ ᠪᠢᠰᠢ᠂ ᠣᠯᠤᠰ ᠤᠨ ᠨᠠᠢ᠌ᠰᠯᠠᠯ ᠳᠤ ᠵᠤᠯᠭᠠᠨ ᠬᠠᠮᠳᠤ ᠰᠤᠷᠤᠯᠭᠠᠳᠠᠨ ᠪᠣᠯᠵᠤ᠂ ᠰᠠᠤᠠᠭᠢᠯ ᠰᠤᠶᠤᠯ ᠶᠢᠡᠨ ᠳᠠᠨᠢᠨ ᠨᠠᠢ᠌ᠵᠠᠯᠠᠨ ᠥᠶᠡᠷᠭᠡᠨ᠎ᠡ ᠭᠡᠮᠡᠨ ᠵᠡᠭᠦᠳᠦᠯᠡᠭᠡ ᠴᠤ ᠦᠭᠡᠶ᠃ ᠭᠡᠳᠡᠯ᠎ᠡ ᠮᠤᠩᠭ᠋ᠤᠯ ᠰᠤᠶᠤᠯ ᠤᠨ ᠴᠠᠭᠠᠨ ᠪᠣᠶᠠᠨ ᠶᠢᠡᠷ ᠬᠤᠶᠠᠭᠤᠯᠠ ᠵᠡᠷᠭᠡᠯᠡᠳᠡᠭᠡ ᠪᠠᠢ᠌ᠷᠢᠨ ᠳᠤ ᠳᠠᠭᠠᠷᠠᠨ ᠥᠷᠭᠦᠯᠵᠢ ᠬᠠᠮᠳᠤ ᠵᠤᠭᠤᠭᠳᠠᠨ ᠶᠠᠷᠢᠯᠴᠠᠵᠤ ᠪᠦᠳᠦᠭᠡᠯ ᠶᠢᠡᠨ ᠰᠤᠯᠢᠯᠴᠠᠨ᠂ ᠬᠠᠮᠳᠤ ᠵᠡᠭᠡᠯᠢ ᠭᠡᠰᠤᠨ ᠴᠡᠴᠡᠷᠯᠢᠭ᠌ ᠶᠢᠡᠷ ᠳᠤᠭᠤᠷᠢᠭᠠᠤᠨ ᠪᠠᠰᠠ ᠬᠠᠮᠳᠤ ᠨᠠᠢ᠌ᠷ ᠲᠤ ᠰᠠᠭᠠᠳᠠᠨ ᠨᠠᠷᠭᠢᠵᠤ ᠴᠠᠯᠭᠢᠵᠤ ᠶᠠᠪᠣᠬᠤ ᠳᠠᠭᠠᠨ ᠣᠯᠠᠮ ᠪᠠᠶ᠎ᠠ ᠪᠠᠶ᠎ᠠ ᠪᠠᠨ ᠣᠢ᠌ᠯᠠᠭᠠᠯᠴᠠᠨ ᠰᠠᠢ᠌ᠬᠠᠨ ᠳᠠᠰᠤᠯᠴᠠᠯ᠎ᠠ᠃ ᠳᠠᠭᠤᠳᠠᠭᠠᠴᠢ·ᠡᠩᠭᠡᠭᠡᠳᠡ ᠭᠡᠵᠤ ᠪᠢᠴᠢᠭ᠍ᠰᠡᠨ ᠰᠢᠯᠦᠭ᠌ ᠲᠡᠶ ᠪᠠᠨ ᠠᠳᠠᠯᠢᠬᠠᠨ ᠣᠮᠤᠭᠯᠠᠩ ᠰᠢᠵᠠᠷᠠᠭᠤᠨ ᠠᠳᠠᠯ᠎ᠠ ᠪᠠᠨ ᠠᠰᠪᠣᠷ ᠰᠢᠯᠤᠭᠤᠨ᠂ ᠨᠠᠭᠠᠳᠤᠮᠴᠢ ᠱᠤᠤᠭᠢᠶ᠎ᠠ ᠰᠠᠢ᠌ᠨ ᠡᠷ᠎ᠡ᠂ ᠰᠠᠢ᠌ᠬᠠᠨ ᠴᠤ ᠡᠷ᠎ᠡ᠃ ᠭᠡᠯᠡᠭᠦ ᠥᠭᠡ᠂ ᠳᠠᠯᠪᠢᠬᠤ ᠰᠠᠨᠠᠯ ᠶᠢᠡᠨ ᠨᠢᠭᠤᠵᠤ ᠬᠠᠪᠴᠢᠯ ᠦᠭᠡᠶ ᠪᠠᠷ ᠰᠢᠭᠤᠳ ᠣᠯᠠᠭᠠᠨ ᠨᠢᠭᠤᠷ ᠳᠡᠭᠡᠷ᠎ᠡ ᠳᠠᠯᠪᠢᠴᠢᠬᠠᠳᠠᠭ ᠵᠠᠩ ᠢ ᠨᠢ ᠪᠢ ᠬᠠᠮᠤᠭ ᠡᠴᠡ ᠳᠤᠭᠤᠳᠠᠭ᠃ ᠣᠯᠤᠰ ᠲᠤ ᠪᠠᠨ ᠨᠠᠷ᠎ᠠ ᠨᠥᠯᠦᠭᠡ ᠲᠡᠶ ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ ᠳᠤ ᠢᠷᠦᠭᠡᠯ ᠶᠢᠡᠷ ᠣᠴᠠᠷᠠᠨ ᠢᠳᠡᠭᠡᠯ ᠶᠢᠡᠷ ᠨᠠᠢ᠌ᠵᠠᠯᠠᠵᠤ ᠶᠠᠪᠣᠬᠤ ᠳᠠᠭᠠᠨ ᠪᠢᠳᠠ ᠬᠤᠶᠠᠷ ᠬᠠᠮᠳᠤ ᠣᠯᠠᠨ ᠤ ᠪᠠᠨ ᠳᠤᠮᠳᠠ (ᠪᠦᠭᠦ ᠠᠩᠭᠢ ᠳᠠᠭᠠᠨ ᠵᠥᠪᠭᠡᠨ ᠪᠢᠳᠠ ᠬᠤᠶᠠᠷ ᠮᠤᠩᠭ᠋ᠤᠯ ᠪᠠᠢ᠌ᠭᠰᠠᠨ) ᠭᠦᠮᠤᠨ ᠲᠡᠶ ᠠᠳᠠᠯᠢ ᠭᠦᠮᠤᠨ ᠰᠢᠭ᠌ ᠶᠠᠪᠣᠵᠤ᠂ ᠮᠤᠩᠭ᠋ᠤᠯ ᠭᠡᠳᠡᠭ᠌ ᠠᠷᠢᠭᠤᠨ ᠠᠯᠳᠠᠷ ᠶᠢᠡᠨ ᠬᠤᠭᠤᠯᠬᠤ ᠦᠭᠡᠶ ᠭᠡᠮᠡᠨ ᠪᠠᠶ᠎ᠠ ᠪᠠᠶ᠎ᠠ ᠪᠠᠨ ᠵᠤᠷᠢᠭᠵᠢᠭᠤᠯᠵᠤ ᠣᠷᠮᠠᠰᠢᠭᠤᠯᠤᠨ ᠠᠬ᠎ᠠ ᠳᠡᠭᠦᠤ ᠰᠢᠭ᠌ ᠶᠠᠪᠣᠯᠴᠠᠭᠰᠠᠨ ᠨᠢ ᠦᠨᠡᠨ᠃ ᠦᠨᠳᠦᠰᠦ ᠣᠭᠰᠠᠭ᠎ᠠ ᠨᠢᠭᠡ ᠪᠠᠢ᠌ᠭᠰᠠᠨ ᠳᠡᠭᠡᠷ᠎ᠡ ᠳᠤᠷ᠎ᠠ ᠪᠠᠬ᠎ᠠ᠂ ᠵᠠᠩ ᠠᠭᠠᠰᠢ᠂ ᠭᠦᠰᠡᠯ ᠳᠠᠮᠤᠯᠠᠯ ᠢᠵᠢᠯᠭᠡᠨ ᠪᠠᠢ᠌ᠭᠰᠠᠨ ᠨᠢ ᠪᠢᠳᠠ ᠬᠤᠶᠠᠷ ᠢ ᠪᠦᠷ ᠣᠢ᠌ᠷ᠎ᠠ ᠳᠤᠳᠤᠨᠤ ᠪᠣᠯᠭᠠᠭᠰᠠᠨ᠃ ᠢᠩᠭᠡᠭᠡᠤᠨ ᠡᠨᠡ ᠰᠠᠢ᠌ᠠᠭᠨ ᠠᠵᠠ ᠵᠠᠪᠰᠢᠶᠠᠨ ᠨᠠᠳᠠ ᠳᠠᠭᠤᠳᠠᠭᠠᠴᠢ·ᠡᠩᠭᠡᠭᠡᠳᠡ ᠭᠡᠳᠡᠭ᠌ ᠭᠦᠮᠤᠨ ᠢ ᠨᠢ ᠳᠠᠨᠢᠭᠤᠯᠤᠭᠰᠠᠨ ᠶᠢᠡᠷ ᠵᠤᠭᠰᠤᠭ᠎ᠠ ᠦᠭᠡᠶ ᠨᠠᠩ ᠴᠢᠬᠤᠯᠠ ᠨᠢ ᠳᠡᠭᠦᠨ ᠤ ᠰᠢᠯᠦᠭ᠌ ᠢ ᠳᠠᠨᠢᠭᠤᠯᠤᠯ᠎ᠠ᠃

ᠪᠠᠭᠡᠵᠢᠩ ᠳᠤ ᠰᠤᠷᠤᠯᠴᠠᠵᠤ ᠪᠠᠢ᠌ᠬᠤ ᠳᠠᠭᠠᠨ ᠳᠠᠭᠤᠳᠠᠭᠠᠴᠢ·ᠡᠩᠭᠡᠭᠡᠳᠡ 《ᠣᠶᠠᠭᠠᠨ ᠤ ᠵᠥᠭᠡᠯᠡᠨ ᠰᠢᠷᠤᠢ》 ᠭᠡᠮᠡᠭᠦ ᠰᠢᠯᠦᠭ᠌ ᠤᠨ ᠳᠡᠭᠦᠪᠦᠷᠢ ᠪᠠᠷ ᠶᠢᠡᠨ ᠠᠩᠬᠠᠳᠤᠭᠠᠷ ᠬᠤᠭᠤᠴᠠᠭᠠᠨ ᠤ 《ᠳᠤᠷᠤᠨ᠎ᠠ ᠣᠤᠠᠬ᠎ᠠ ᠵᠤᠬᠢᠶᠠᠯ ᠤᠨ ᠱᠠᠩᠨᠠᠯᠳᠤ》 ᠣᠷᠤᠯᠳᠤᠭᠠᠨ ᠳᠤ ᠣᠷᠤᠯᠴᠠᠨ ᠪᠡᠯᠡᠳᠭᠡᠯ ᠣᠷᠤᠯᠳᠤᠭᠠᠨ ᠤ 115 ᠭᠦᠮᠤᠨ ᠳᠤᠳᠤᠷ᠎ᠠ ᠡᠴᠡ ᠡᠴᠦᠰ ᠤᠨ ᠰᠢ᠌ᠤᠠᠪᠣᠷᠢᠳᠤ ᠣᠷᠤᠯᠳᠤᠭᠠᠨ ᠤ 33 ᠨᠠᠷ᠎ᠠ ᠳᠤ ᠳᠤᠨᠤᠨ ᠦᠯᠠᠳᠠᠯ᠎ᠠ᠃ ᠭᠡᠳᠥᠢᠪᠠᠷ ᠡᠴᠦᠰ ᠤᠨ ᠰᠢ᠌ᠤᠠᠪᠣᠷᠢᠳᠤ ᠣᠷᠤᠯᠳᠤᠭᠠᠨ ᠳᠡᠭᠡᠷ᠎ᠡ ᠪᠠᠨ ᠭᠤᠭᠤᠵᠢᠭᠳᠠᠭᠰᠠᠨ ᠪᠣᠯᠪᠠᠴᠤ ᠳᠠᠷᠠ ᠥᠴᠦᠭᠡᠨ ᠴᠤ ᠬᠠᠷᠠᠮᠰᠠᠭ᠎ᠠ ᠦᠭᠡᠶ᠃ ᠬᠠᠷᠢᠨ ᠣᠯᠠᠨ ᠠᠬᠠᠮᠠᠤᠨ ᠪᠣᠭᠤᠷᠤᠯ ᠡᠷᠳᠡᠮᠳᠡᠨ ᠪᠠᠭᠰᠢ ᠨᠡᠷ ᠲᠡᠶ ᠪᠠᠨ ᠮᠦᠷᠤ ᠵᠡᠷᠭᠡᠴᠡᠨ ᠦᠪᠡᠷ ᠤᠨ ᠣᠷ᠎ᠠ ᠠᠪᠢᠶᠠᠰ ᠶᠢᠡᠨ ᠰᠤᠷᠢᠭᠰᠠᠨ ᠳᠠᠭᠠᠨ ᠰᠠᠤᠠᠭᠢᠯ ᠴᠠᠤᠠᠬᠤᠯᠠᠩ ᠪᠦᠭᠡᠤᠨ ᠡᠨᠡ ᠵᠡᠷᠭᠡ ᠶᠢᠨ ᠠᠮᠵᠢᠯᠳᠠ ᠳᠤ ᠭᠦᠷᠦᠭ᠍ᠰᠡᠨ ᠳᠡᠭᠡᠨ ᠣᠮᠤᠭᠰᠢᠨ ᠣᠯᠵᠠᠷᠬᠠᠵᠤ ᠪᠠᠢ᠌ᠯ᠎ᠠ᠃ ᠰᠤᠶᠤᠯ ᠶᠢᠡᠷ ᠶᠢᠡᠨ ᠳᠦᠷᠦᠭᠡ ᠪᠣᠯᠭᠠᠨ ᠨᠠᠷ᠎ᠠ ᠠᠰᠢᠭ ᠲᠤ ᠰᠢᠨᠤᠬᠤ ᠪᠢᠰᠢ ᠬᠠᠷᠢᠨ ᠣᠷᠤᠯᠳᠤᠭᠠᠨ ᠥᠷᠢᠰᠦᠯᠳᠦᠭᠡᠨ ᠶᠢᠡᠷ ᠳᠠᠮᠵᠢᠨ ᠦᠪᠡᠷ ᠢ ᠪᠠᠨ ᠳᠠᠨᠢᠵᠤ᠂ ᠦᠪᠡᠷ ᠢ ᠪᠠᠨ ᠳᠠᠪᠠᠬᠤ ᠭᠡᠮᠡᠨ ᠪᠠᠶ᠎ᠠ ᠳᠡᠭᠡᠨ ᠥᠷᠭᠦᠯᠵᠢ ᠢᠳᠡᠭᠡᠯ᠂ ᠵᠤᠷᠢᠭ᠂ ᠭᠦᠴᠤ ᠥᠭ᠍ᠴᠤ ᠶᠠᠪᠣᠳᠠᠭ ᠨᠢ ᠡᠩᠭᠡᠭᠡᠳᠡ ᠶᠢᠨ ᠰᠠᠤᠠᠭᠢᠯ ᠤᠨ ᠳᠡᠩᠭᠡᠭᠡ᠂ ᠵᠢᠷᠦᠭᠡᠨ ᠳᠠᠮᠢᠷ ︕ ᠳᠡᠭᠦᠨ ᠤ ᠡᠢ᠌ᠮᠦᠷᠭᠦ ᠰᠠᠤᠠᠭᠢᠯ ᠤᠨ ᠳᠡᠩᠭᠡᠭᠡ᠂ ᠵᠢᠷᠦᠭᠡᠨ ᠳᠠᠮᠢᠷ ᠨᠠᠮ᠎ᠠ ᠶᠢ ᠨᠥᠯᠦᠭᠡᠯᠡᠨ ᠪᠢᠰᠢᠷᠡᠭᠦᠯᠵᠤ᠂ ᠨᠠᠢ᠌ᠰᠯᠠᠯ ᠤᠨ ᠠᠭᠠᠷ ᠰᠠᠯᠭᠢᠨ ᠳᠤ ᠳᠠᠨᠢᠭᠳᠠᠳᠠᠯ᠎ᠠ ᠬᠤᠶᠠᠭᠤᠯᠠ ᠪᠠᠨ ᠮᠤᠩᠭ᠋ᠤᠯ ᠶᠢᠡᠷ ᠨᠠᠷᠭᠢᠵᠤ᠂ ᠭᠡᠨ ᠠᠯᠢᠨ ᠶᠢᠡᠨ ᠨᠠᠭᠠᠳᠤᠨ ᠭᠤᠤᠴᠢᠯᠠᠵᠤ᠂ ᠰᠠᠤᠠᠭᠢᠯ ᠤᠨ ᠪᠠᠢ᠌ᠭᠰᠠᠨ ᠨᠢᠭᠤᠴᠠ ᠪᠠᠨ ᠰᠢᠪᠠᠨᠠᠯᠳᠤᠨ ᠪᠠᠶᠠᠷ ᠵᠢᠷᠭᠠᠯ ᠶᠢᠡᠨ ᠬᠤᠪᠢᠶᠠᠯᠴᠠᠨ ᠶᠠᠪᠣᠭᠰᠠᠨ ᠠᠯᠳᠠᠨ ᠬᠤᠷᠤᠮᠬᠠᠨ ᠬᠠᠢ᠌ᠷᠠᠯᠠᠯᠳᠠᠢ᠃ ᠳᠠᠭᠤᠳᠠᠭᠠᠴᠢ·ᠡᠩᠭᠡᠭᠡᠳᠡ ᠭᠡᠵᠤ ᠢᠩᠭᠡᠵᠤ ᠯᠠ ᠪᠦᠳᠦᠭᠡᠯ ᠭᠦᠮᠤᠨ ᠲᠡᠶ ᠪᠠᠨ ᠬᠠᠮᠳᠤ ᠮᠢᠨᠤ ᠰᠠᠤᠠᠭᠢᠯ ᠤᠨ ᠬᠠᠢ᠌ᠯᠠᠰᠤᠨ ᠳᠡᠭᠡᠷ᠎ᠡ ᠵᠢᠷᠭᠢᠨ ᠪᠠᠭᠤᠭᠰᠠᠨ ᠠᠪᠢᠶᠠᠰᠯᠢᠭ ᠰᠢᠯᠦᠭ᠍ᠴᠢ ᠶᠢᠨ ᠨᠢᠭᠡᠨ᠃ ᠳᠡᠭᠦᠨ ᠤ ᠰᠢᠯᠦᠭ᠌ ᠲᠤ ᠮᠤᠩᠭ᠋ᠤᠯ ᠰᠢᠯᠦᠭ᠌ ᠤᠨ ᠪᠠᠢ᠌ᠭᠠᠯᠢᠯᠢᠭ ᠭᠤᠸ᠎ᠠ ᠰᠠᠢ᠌ᠬᠠᠨ᠂ ᠭᠡᠯᠡᠨ ᠤ ᠴᠠᠪᠠᠷ ᠴᠤᠤᠷᠠᠢ᠂ ᠰᠡᠳᠬᠢᠯᠭᠡ ᠶᠢᠨ ᠬᠠᠯᠠᠭᠤᠨ ᠣᠷᠮᠠᠰ ᠵᠢᠴᠢ ᠣᠶᠤᠠᠯᠢᠭ ᠨᠠᠷᠢᠨ ᠮᠠᠳᠠᠷᠠᠮᠵᠢ ᠨᠢᠭᠤᠭᠳᠠᠵᠤ ᠪᠣᠢ᠃ ᠳᠠᠭᠤᠳᠠᠭᠠᠴᠢ᠂ ᠡᠩᠭᠡᠭᠡᠳᠡ ᠶᠢᠨ 2009 ᠣᠨ ᠤ 9 ᠰᠠᠷ᠎ᠠ ᠳᠤ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ ᠡᠴᠡ ᠭᠡᠪᠯᠡᠭᠦᠯᠦᠭ᠍ᠰᠡᠨ 《ᠣᠶᠠᠭᠠᠨ ᠤ ᠵᠥᠭᠡᠯᠡᠨ ᠰᠢᠷᠤᠢ》 ᠭᠡᠮᠡᠭᠦ ᠰᠢᠯᠦᠭ᠌ ᠤᠨ ᠳᠡᠭᠦᠪᠦᠷᠢ ᠳᠤ ᠴᠢᠨᠠᠷᠯᠢᠭ ᠰᠠᠢ᠌ᠨ ᠪᠦᠳᠦᠭᠡᠯ ᠣᠯᠠᠨ ᠴᠤ ᠡ᠊ᠨᠳᠡ ᠪᠢ ᠣᠠᠴᠠᠭᠠᠢ᠌ᠯᠠᠨ 《ᠶᠠᠮᠠᠷ ᠰᠠᠢ᠌ᠬᠠᠨ ᠰᠦᠨᠢ ᠪᠣᠢ》 ᠭᠡᠭᠦ ᠰᠢᠯᠦᠭ᠌ ᠤᠨ ᠳᠤᠬᠠᠢ ᠦᠪᠡᠷ ᠤᠨ ᠣᠢ᠌ᠯᠠᠭᠠᠯᠳᠠ᠂ ᠳᠦᠷᠦᠭ᠍ᠳᠡᠯ᠂ ᠣᠯᠤᠯᠳᠠ ᠪᠠᠨ ᠳᠡᠯᠭᠡᠭᠦ ᠶᠢ ᠭᠢᠴᠢᠶᠠᠯ᠎ᠠ᠃

ᠳᠤᠰ ᠰᠢᠯᠦᠭ᠌ ᠢ ᠠᠪᠤᠨ ᠣᠩᠰᠢᠮᠠᠭᠴᠠ 《ᠣᠰᠤ ᠨᠠᠷᠠ ᠬᠤᠶᠠᠷ ᠶᠢᠡᠷ ᠣᠭᠵᠢᠭᠳᠠᠭᠰᠠᠨ/ ᠡᠪᠠᠰᠤ ᠨᠤᠭᠤᠭᠠᠨ ᠤ ᠠᠭᠠᠭ ᠨᠢ ᠳᠠᠢ᠌ᠯᠤᠭᠳᠠᠭᠰᠠᠨ/ ᠣᠷᠳᠤ ᠶᠢᠨ ᠳᠠᠭᠤᠤ ᠶᠢᠨ ᠳᠦᠷᠢᠯᠭᠡ ᠣᠷᠤᠰᠬᠠᠯ ᠳᠠᠮᠵᠢᠨ ᠭᠦᠯᠦᠷᠡᠭ᠍ᠰᠡᠨ/ ᠨᠠᠭᠠᠳᠤᠮ ᠤᠨ ᠳᠤᠭᠤᠰᠤ ᠡᠭᠦᠯᠡᠨ ᠳᠤ ᠭᠤᠭᠴᠤᠭᠠᠷᠠᠭᠠᠤᠨ/ᠶᠠᠮᠠᠷ ᠰᠠᠢ᠌ᠬᠠᠨ ᠰᠦᠨᠢ ᠪᠣᠢ/ ᠨᠠᠷᠭᠢᠵᠤ ᠯᠠ ᠪᠠᠢ᠌ᠮᠠᠷ/ ᠬᠤᠩᠭ᠋ᠤᠷ ᠪᠦᠰᠡᠭᠦᠢ ᠮᠢᠨᠢ ᠨᠢᠯᠬ᠎ᠠ ᠶᠢᠨ ᠳᠦᠷᠭᠦ ᠲᠡᠶ ᠡᠷᠭᠡᠯᠡᠭ᠍ᠰᠡᠨ/ ᠶᠠᠪᠣᠵᠤ ᠯᠠ ᠪᠠᠢ᠌ᠮᠠᠷ ᠨᠠᠮᠤᠷ ᠪᠠᠢ᠌ᠯ᠎ᠠ》 ᠭᠡᠭᠦ ᠶᠠᠮᠠᠷᠴᠤ ᠭᠡ ᠥᠩᠭᠡ᠂ ᠶᠠᠩᠵᠤ ᠶᠢᠨ ᠪᠣᠳᠤᠭ ᠣᠷᠤᠭᠤᠯᠤᠭᠰᠠᠨ ᠦᠭᠡᠶ ᠡᠩ ᠤᠨ ᠮᠦᠷ ᠤᠳ ᠬᠠᠷᠠᠭᠠᠨ ᠳᠤ ᠴᠠᠭᠢᠯᠤᠨ ᠪᠠᠭᠤᠵᠤ᠂ ᠰᠠᠤᠠᠭᠢᠯ ᠳᠤ ᠳᠤᠨᠤᠨ ᠦᠯᠠᠳᠠᠨ᠎ᠡ᠃ ᠦᠵᠡᠮᠵᠢ ᠳᠡᠭᠡᠨ ᠰᠠᠤᠠᠭᠢᠯ ᠶᠢᠡᠨ ᠠᠭᠤᠰᠬᠠᠵᠤ᠂ ᠠᠭᠤᠯᠭ᠎ᠠ ᠳᠠᠭᠠᠨ ᠰᠠᠨᠠᠭ᠎ᠠ ᠪᠠᠨ ᠰᠢᠩᠭᠡᠭᠡᠵᠤ ᠴᠢᠳᠠᠭᠰᠠᠨ ᠨᠢ ᠰᠢᠯᠦᠭ᠍ᠴᠢ ᠶᠢᠨ ᠣᠷᠠᠯᠠᠬᠤᠢ ᠰᠡᠳᠭᠢᠭᠦᠢ ᠡᠷᠳᠡᠮ᠃ ᠡᠢ᠌ᠮᠦᠷᠭᠦ ᠨᠠᠷᠠᠨ ᠳᠤ ᠰᠢᠷᠭᠠᠭᠠᠭᠰᠠᠨ ᠨᠠᠢ᠌ᠷᠠᠭ ᠤᠨ ᠱᠠᠤᠨ ᠭᠠᠭᠴᠠᠬᠦ ᠪᠠᠢ᠌ᠭᠠᠯᠢ ᠣᠷᠴᠢᠨ ᠳᠠᠭᠠᠨ ᠬᠠᠮᠤᠭ ᠡᠴᠡ ᠣᠢ᠌ᠷᠠᠬᠠᠨ ᠦᠰᠴᠦ᠂ ᠡᠨᠡ ᠠᠮᠢᠳᠤᠷᠠᠯ ᠢ ᠪᠠᠶ᠎ᠠ ᠪᠠᠷ ᠶᠢᠡᠨ ᠥᠩᠭᠡᠷᠡᠭᠦᠯᠵᠤ ᠳᠤᠭᠤᠯᠵᠤ ᠶᠠᠪᠣᠭᠰᠠᠨ ᠰᠢᠯᠦᠭ᠍ᠴᠢ ᠶᠢᠨ ᠰᠠᠤᠠᠭᠢᠯ ᠣᠶᠤᠨ ᠡᠴᠡ ᠢᠪᠢᠯᠤᠨ ᠣᠠᠳᠤᠷᠤᠳᠠᠭ ᠪᠠᠢ᠌ᠬ᠎ᠠ᠃ ᠡ᠊ᠨᠳᠡ ᠶᠠᠭᠤ ᠪᠦᠭᠦᠨ ᠨᠢ ᠬᠤᠭᠤᠷᠤᠠᠳᠤ ᠪᠠᠨ ᠡᠶ᠎ᠡ ᠵᠤᠭᠢᠴᠠᠯ ᠶᠢᠡᠨ ᠣᠯᠤᠭᠰᠠᠨ ᠪᠠᠢ᠌ᠭᠠᠯᠢ ᠶᠢᠨ ᠳᠤᠰᠤᠨ ᠵᠢᠷᠤᠭ ᠰᠢᠳᠢᠳᠤ ᠪᠢᠷ ᠤᠨ ᠳᠤᠤᠷ᠎ᠠ ᠠᠮᠢᠯᠠᠨ ᠳᠤᠭᠳᠤᠯᠵᠤ᠂ ᠨᠠᠢ᠌ᠵᠠ ᠪᠦᠰᠡᠭᠦᠢ ᠲᠡᠶ ᠪᠠᠨ ᠥᠶᠡᠷᠭᠡᠨ ᠵᠢᠷᠭᠠᠬᠤ ᠭᠡᠰᠡᠨ ᠰᠠᠤᠠᠭᠢᠯ ᠤᠨ ᠵᠥᠭᠡᠯᠡᠨ ᠬᠠᠯᠭᠢᠶ᠎ᠠ ᠲᠡᠶ ᠡᠭᠡᠰᠢᠭ᠌ ᠨᠠᠢ᠌ᠯᠠᠨ ᠣᠶᠠᠩᠭ᠋ᠠᠷᠠᠵᠤ ᠪᠠᠢ᠌ᠨ᠎ᠠ᠃ ᠠᠮᠢ ᠦᠭᠡᠶ ᠥᠵᠡᠭ᠍ᠳᠡᠯ ᠢ ᠠᠮᠢ ᠲᠡᠶ ᠪᠣᠯᠭᠠᠨ ᠳᠦᠷᠰᠦᠯᠠᠵᠤ᠂ ᠭᠦᠮᠤᠨ ᠪᠠᠢ᠌ᠭᠠᠯᠢ ᠶᠢ ᠳᠠᠯᠳᠠ ᠶᠢᠨ ᠨᠠᠷᠢᠨ ᠰᠢᠵᠢᠮ ᠶᠢᠡᠷ ᠬᠠᠪᠤᠨ ᠣᠢ᠌ᠷᠠᠳᠤᠭᠤᠯᠤᠭᠰᠠᠨ ᠨᠢ ᠭᠠᠢ᠌ᠬᠠᠯᠳᠠᠢ᠃

《ᠭᠡᠭᠡᠷ᠎ᠡ ᠡᠵᠡᠯᠡᠭ᠍ᠰᠡᠨ ᠠᠨᠢᠷ ᠥᠷᠭᠦᠭᠡᠵᠤ/ ᠬᠤᠯᠠ ᠳᠤ ᠨᠤᠬᠠᠢ ᠭᠦᠪ ᠭᠦᠪ ᠬᠤᠴᠠᠨ᠎ᠠ/ ᠭᠡᠭᠡᠡᠴᠢᠷ ᠪᠦᠰᠡᠭᠦᠢ ᠶᠢᠨ ᠬᠠᠴᠠᠷ ᠨᠢᠰᠠᠯᠵᠤ/ ᠣᠢ᠌ᠷᠠᠬᠠᠨ ᠳᠠᠷᠠᠰᠤ ᠪᠠᠢ᠌ᠨ ᠪᠠᠢ᠌ᠨ ᠪᠦᠭᠦᠯᠵᠡᠨ᠎ᠡ》 ᠁ ᠵᠥᠪᠭᠡᠨ ᠰᠢᠯᠦᠭ᠌ ᠤᠨ ᠭᠡᠯᠪᠠᠷᠢ ᠶᠢ ᠭᠦᠭᠡᠭᠡᠴᠡᠯᠳᠦᠭ᠍ᠰᠡᠨ ᠪᠢᠰᠢ ᠬᠠᠷᠢᠨ ᠰᠦᠰᠦᠨ ᠳᠤ ᠭᠦᠷᠦᠮᠡᠷ ᠰᠢᠯᠦᠭᠯᠢᠭ᠌ ᠰᠢᠨ᠎ᠡ ᠰᠠᠨᠠᠭ᠎ᠠ ᠣᠷᠤᠭᠤᠯᠬᠤ ᠭᠡᠮᠡᠨ ᠪᠢᠷ ᠣᠶᠤᠨ ᠶᠢᠡᠨ ᠭᠦᠴᠦᠯᠡᠭ᠍ᠰᠡᠨ ᠨᠢ ᠢᠯᠡᠭᠡᠨ᠃ ᠣᠢ᠌ᠷ᠎ᠠ ᠡᠴᠡ ᠬᠤᠯᠠ᠂ ᠬᠤᠯᠠ ᠡᠴᠡ ᠣᠢ᠌ᠷ᠎ᠠ ᠣᠷᠤᠨ ᠵᠠᠢ ᠶᠢᠨ ᠰᠤᠯᠪᠢᠴᠠᠯ ᠶᠢᠡᠷ ᠭᠡᠨ ᠴᠤ ᠠᠳᠠᠭᠠᠷᠬᠠᠮᠠᠷ᠂ ᠭᠡᠵᠢᠶ᠎ᠡ ᠴᠤ ᠳᠤᠷᠠᠰᠤᠮᠠᠷ ᠨᠠᠮᠤᠷ ᠤᠨ ᠰᠦᠨᠢ ᠶᠢᠨ ᠰᠡᠯᠡᠭᠦᠨ ᠳᠤ ᠰᠤᠭᠳᠤᠭᠰᠠᠨ ᠬᠤᠶᠠᠷᠬᠠᠨ ᠭᠦᠮᠤᠨ ᠤ ᠶ‍ᠢᠷᠳᠢᠠᠴᠤ ᠶᠢ ᠳᠠᠳᠠᠯᠠᠨ ᠳᠡᠯᠭᠡᠵᠤ᠂ ᠭᠦᠮᠤᠨ ᠪᠠᠢ᠌ᠭᠠᠯᠢ ᠲᠦᠰᠢᠯᠴᠠᠨ ᠠᠭᠤᠰᠤᠯᠴᠠᠭᠰᠠᠨ ᠨᠡᠭᠦᠳᠡᠯ ᠠᠮᠢᠳᠤᠷᠠᠯ ᠤᠨ ᠪᠣᠷᠤ ᠵᠢᠷᠤᠭ ᠦᠪᠡᠷ ᠤᠨ ᠡᠷᠭᠡ ᠦᠭᠡᠶ ᠰᠠᠤᠠᠭᠢᠯ ᠳᠤ ᠴᠠᠯᠭᠢᠨ ᠢᠷᠠᠨ᠎ᠡ᠃ ᠨᠡᠭᠦᠳᠡᠯ ᠠᠮᠢᠳᠤᠷᠠᠯ ᠤᠨ ᠦᠨᠡᠨ ᠵᠢᠷᠭᠠᠯ ᠳᠤ ᠣᠶᠠᠷᠠᠵᠤ᠂ ᠬᠠᠢ᠌ᠯᠵᠤ᠂ ᠳᠤᠭᠳᠤᠯᠵᠤ ᠴᠢᠳᠠᠳᠠᠭ ᠰᠢᠯᠦᠭ᠍ᠴᠢ ᠶᠢᠨ ᠭᠠᠷ ᠡᠴᠡ ᠯᠠ ᠵᠢᠷᠦᠭᠡᠨ ᠳᠤ ᠭᠦᠷᠦᠮᠡᠷ ᠳᠤᠰᠤᠨ ᠨᠠᠢ᠌ᠷᠠᠭ ᠳᠦᠷᠦᠭᠦ ᠶᠤᠰᠤᠳᠠᠢ ︕ 《ᠬᠤᠶᠠᠷ ᠮᠤᠷᠢ ᠪᠠᠨ ᠠᠷᠭᠠᠮᠵᠢᠴᠢᠬᠠᠭᠠᠤᠨ/ ᠠᠮᠠᠭᠠᠢ ᠶᠢ ᠨᠢ ᠳᠠᠢ᠌ᠯᠬᠤ ᠪᠠᠨ ᠮᠠᠷᠳᠠᠭᠰᠠᠨ》᠂ 《ᠡᠷ᠎ᠡ ᠭᠦᠮᠤᠨ ᠢ ᠵᠢᠷᠭᠠᠭᠠᠨ᠎ᠠ ᠭᠡᠤᠨ/ ᠡᠭᠡᠮᠦᠭ᠌ ᠡᠴᠡ ᠪᠠᠨ ᠡᠭᠢᠯᠡᠵᠤ ᠳᠠᠢ᠌ᠯᠤᠭᠰᠠᠨ》 ᠭᠡᠤᠨ ᠡᠩᠭᠡᠭᠡᠳᠡ ᠰᠢᠯᠦᠭ᠌ ᠢ ᠢᠩᠭᠢᠵᠤ ᠯᠠ ᠪᠢᠴᠢᠨ᠎ᠠ᠃ ᠳᠡᠭᠦᠨ ᠤ ᠰᠢᠯᠦᠭ᠌ ᠲᠤ ᠬᠤᠭᠤᠰᠤᠨ ᠮᠠᠭᠳᠠᠭᠠᠯ᠂ ᠭᠡᠢ ᠰᠡᠴᠡᠷᠭᠡᠯ ᠪᠠᠢ᠌ᠬᠤ ᠦᠭᠡᠶ ᠡᠪ ᠡᠩ ᠤᠨ ᠮᠥᠷᠳᠡᠭᠡᠨ ᠪᠠᠰᠠ ᠡᠩ ᠤᠨ ᠪᠣᠰᠤ ᠭᠦᠨ ᠣᠬᠠᠭᠠᠯᠢᠭ ᠪᠠᠢ᠌ᠵᠤ᠂ ᠴᠠᠰᠢ ᠨᠢ ᠣᠯᠠᠨ ᠣᠯᠠᠨ ᠶᠠᠭᠤᠮ᠎ᠠ ᠪᠣᠳᠤᠭᠤᠯᠤᠨ᠎ᠠ᠃ ᠦᠨᠡᠨ ᠭᠡᠳᠡᠯ᠎ᠡ ᠬᠤᠳᠠᠯ᠂ ᠬᠤᠳᠠᠯ ᠭᠡᠳᠡᠯ᠎ᠡ ᠦᠨᠡᠨ ᠭᠡᠮᠡᠷ ᠰᠢᠯᠦᠭ᠌ ᠤᠨ ᠡᠢ᠌ᠮᠦᠷᠭᠦ ᠣᠷᠠᠨ ᠰᠠᠨᠠᠭ᠎ᠠ ᠪᠦᠭᠦᠢᠯᠡ ᠰᠢᠯᠦᠭ᠌ ᠤᠨ ᠭᠢᠨᠢ ᠠᠮᠢᠨ ᠰᠤᠳᠠᠰᠤ ᠪᠣᠯᠤᠨ ᠯᠤᠭᠰᠢᠵᠤ᠂ ᠣᠩᠰᠢᠭᠴᠢᠳ ᠤᠨ ᠳᠤᠷ᠎ᠠ ᠰᠠᠤᠠᠭᠢᠯ ᠢ ᠭᠦᠡᠳᠡᠳᠡᠭ᠌᠃ ᠶᠠᠭᠠᠭᠢᠬᠤ ᠳᠠᠭᠠᠨ ᠡᠭᠡᠮᠦᠭ᠌ ᠡᠴᠡ ᠪᠠᠨ ᠡᠭᠢᠯᠡᠵᠤ ᠳᠠᠢ᠌ᠯᠤᠭᠰᠠᠨ ᠭᠡᠳᠡᠭ᠌ ᠲᠤ ᠯᠠ ᠬᠠᠮᠤᠭ ᠰᠤᠨᠢᠷᠬᠠᠯ ᠳᠠᠳᠠᠭᠳᠠᠨ ᠵᠢᠩᠭᠢᠨᠢ ᠮᠤᠩᠭ᠋ᠤᠯ ᠰᠢᠯᠦᠭ᠌ ᠤᠨ ᠬᠠᠷ᠎ᠠ ᠠᠷᠢᠭᠢᠨ ᠳᠤ ᠵᠥᠩᠳᠡᠭᠡᠨ ᠰᠤᠭᠳᠤᠳᠠᠭ ᠢ ᠶᠠᠭᠠᠭᠢᠨ᠎ᠠ ⁈ ᠳᠠᠯᠳᠠ ᠵᠣᠢ᠌ᠯ ᠢ ᠢᠯᠠ ᠥᠵᠡᠭᠦᠯᠭᠦ ᠪᠣᠶᠤ ᠢᠯᠠ ᠶᠠᠭᠤᠮ᠎ᠠ ᠶᠢ ᠡᠪᠳᠡᠢ᠌ᠭᠡᠨ ᠳᠠᠯᠳᠠᠯᠠᠵᠤ ᠴᠢᠳᠠᠬᠤ ᠪᠠᠰᠠ ᠨᠢᠭᠡ ᠣᠷ᠎ᠠ ᠡᠷᠳᠡᠮ᠃ ᠶᠠᠷᠤ ᠨᠢ ᠠᠵᠢᠭᠠᠤᠨ ᠪᠠᠢ᠌ᠬᠤ ᠳᠤ ᠡᠩᠭᠡᠭᠡᠳᠡ ᠶᠢᠨ ᠰᠢᠯᠦᠭ᠌ ᠪᠢᠴᠢᠯᠭᠡ ᠶᠢᠨ ᠭᠡᠪ ᠵᠠᠭᠪᠣᠷ ᠲᠤ ᠪᠠᠷᠢᠭᠳᠠᠳᠠᠭ ᠦᠭᠡᠶ᠂ ᠮᠦᠷ ᠪᠠᠳᠠᠭ ᠶᠢᠡᠨ ᠶᠠᠩᠵᠤ ᠶᠠᠩᠵᠤ ᠪᠠᠷ ᠡᠰᠭᠡᠨ ᠬᠤᠯᠪᠣᠭᠠᠤᠨ ᠰᠡᠳᠬᠢᠯᠭᠡ ᠶᠢᠨ ᠳᠤᠰᠤᠯᠳᠠ ᠪᠠᠨ ᠳᠠᠭᠠᠷᠠᠭᠤᠯᠵᠤ᠂ ᠣᠷᠠᠨ ᠰᠠᠨᠠᠭᠠᠨ ᠤ ᠵᠢᠭᠦᠷ ᠶᠢᠡᠨ ᠮᠠᠰᠢ ᠴᠢᠯᠦᠭᠡᠳᠡᠢ ᠳᠠᠯᠠᠨ ᠬᠤᠮᠢᠳᠠᠭ ᠪᠠᠢ᠌ᠨ᠎ᠠ᠃ 《ᠣᠳᠤᠨ ᠤ ᠳᠤᠶᠠᠭ᠎ᠠ ᠶᠢ ᠠᠮᠠᠷᠠᠭ ᠤᠨ ᠶᠢᠡᠨ ᠨᠢᠳᠤᠨ ᠡᠴᠡ ᠬᠠᠷᠠᠵᠤ/ ᠣᠭᠤᠴᠢᠭᠰᠠᠨ ᠭᠡᠭᠡᠷ᠎ᠡ ᠶᠢᠨ ᠴᠠᠢ ᠪᠠᠨ/ ᠣᠯᠳᠠᠳᠠᠭ ᠦᠭᠡᠶ ᠷᠠᠰᠢᠶᠠᠨ ᠰᠢᠭ ᠳᠠᠮᠰᠢᠶᠠᠯᠠᠵᠤ/ ᠣᠷᠤᠢ ᠦᠳᠡᠰᠢ ᠶᠢᠨ ᠰᠡᠷᠢᠭᠦᠤ ᠵᠢ/ ᠴᠡᠭᠡᠵᠢᠨ ᠤ ᠴᠢᠨᠢ ᠳᠤᠯᠠᠭᠠᠨ ᠳᠤ ᠡᠭ᠍ᠰᠢᠭᠡᠵᠤ/ ᠣᠷᠴᠢᠯᠠᠩ ᠡᠴᠡ ᠶᠠᠪᠣᠭᠠᠤᠨ ᠥᠭ᠍ᠴᠢᠮᠡᠷ/ ᠶᠠᠮᠠᠷ ᠰᠠᠢ᠌ᠬᠠᠨ ᠰᠦᠨᠢ ᠪᠣᠢ ᠁》 ᠭᠡᠮᠡᠨ ᠪᠢᠴᠢᠭ᠍ᠰᠡᠨ ᠮᠦᠷ ᠤᠳ ᠪᠣᠢ᠃ ᠰᠢᠯᠦᠭ᠍ᠴᠢ ᠠᠳᠠᠯᠢ ᠣᠳᠤᠨ ᠤ ᠳᠤᠶᠠᠭ᠎ᠠ ᠶᠢ ᠠᠮᠠᠷᠠᠭ ᠤᠨ ᠶᠢᠡᠨ ᠨᠢᠳᠤᠨ ᠡᠴᠡ ᠬᠠᠷᠠᠵᠤ ᠴᠢᠳᠠᠬᠤ ᠭᠦᠮᠤᠨ ᠭᠡᠨ ᠪᠠᠢ᠌ᠨ᠎ᠠ ︖ ᠭᠦᠮᠤᠨ ᠪᠦᠭᠦᠨ ᠤ ᠠᠮᠠᠷᠬᠠᠨ ᠮᠠᠳᠠᠷᠠᠵᠤ ᠰᠠᠷᠠᠵᠤ ᠴᠢᠳᠠᠳᠠᠭ ᠦᠭᠡᠶ ᠵᠣᠢ᠌ᠯ ᠢ ᠰᠢᠯᠦᠭ᠍ᠴᠢ ᠶᠢᠨ ᠭᠢᠷᠬᠠᠢ ᠬᠠᠷᠠᠴᠠ᠂ ᠰᠠᠤᠠᠭᠢᠯ ᠤᠨ ᠨᠠᠷᠢᠨ ᠮᠠᠳᠠᠷᠠᠮᠵᠢ ᠠᠯᠳᠠᠳᠠᠭ ᠦᠭᠡᠶ ᠪᠠᠢ᠌ᠬ᠎ᠠ ᠨᠢ ᠡ ︕ ᠪᠢᠳᠠ ᠰᠠᠢ᠌ᠨ ᠠᠠᠢᠵᠠᠭᠠᠷᠠᠳᠠᠭ ᠦᠭᠡᠶ ᠭᠡᠭᠦ ᠡᠴᠡ ᠪᠢᠰᠢ ᠰᠢᠯᠦᠭ᠌ ᠤᠨ ᠡᠢ᠌ᠮᠦᠷᠭᠦ ᠪᠠᠯᠠᠨ ᠰᠠᠳᠤᠪ ᠮᠠᠨ ᠤ ᠬᠠᠵᠠᠭᠤ ᠬᠠᠪᠢ ᠪᠠᠷ᠂ ᠠᠮᠢᠳᠤᠷᠠᠯ ᠥᠢᠯᠡᠳᠦᠯᠭᠡ ᠶᠢᠨ ᠳᠤᠮᠳᠠ ᠠᠷᠪᠢᠨ ᠯᠠ ᠲᠤᠬᠢᠶᠠᠯᠳᠤᠵᠤ ᠪᠠᠢ᠌ᠭ᠎ᠠ᠃ ᠳᠡᠭᠦᠨ ᠶᠢᠡᠨ ᠶᠠᠭᠠᠭᠢᠵᠤ ᠨᠠᠢ᠌ᠷᠠᠭ ᠤᠨ ᠭᠠᠯ ᠳᠤ ᠰᠢᠷᠭᠠᠭᠠᠨ ᠪᠢᠯᠢᠭ᠌ ᠤᠨ ᠴᠢᠯᠠᠭᠤᠨ ᠳᠤ ᠬᠤᠷᠴᠠᠯᠠᠬᠤ ᠪᠣᠢ ᠭᠡᠳᠡᠭ᠌ ᠲᠤ ᠰᠢᠯᠦᠭ᠍ᠴᠢ ᠶᠢᠨ ᠡᠷᠳᠡᠮ ᠠᠪᠢᠶᠠᠰ ᠱᠠᠭᠠᠷᠳᠠᠭᠳᠠᠨ᠎ᠠ᠃ ᠮᠠᠨᠠᠢ᠌ᠭᠢᠰ ᠲᠤ ᠡᠳᠦᠷ ᠪᠣᠯᠭᠠᠨ ᠰᠢᠯᠦᠭ᠌ ᠪᠢᠴᠢᠳᠡᠭ᠌ ᠬᠠᠯᠠᠭᠤᠨ ᠰᠠᠤᠠᠭᠢᠯᠳᠠᠨ ᠪᠣᠢ᠂ ᠰᠢᠯᠦᠭ᠌ ᠠᠷᠪᠢᠨ ᠪᠢᠴᠢᠪᠠᠯ ᠰᠠᠢ᠌ᠨ ᠰᠢᠯᠦᠭ᠍ᠴᠢ ᠪᠣᠯᠴᠢᠬᠠᠳᠠᠭ ᠪᠢᠰᠢ ᠡ᠃ ᠨᠢᠭᠡ ᠣᠯᠠᠨ ᠴᠢᠨᠠᠷ ᠦᠭᠡᠶ ᠪᠦᠳᠦᠭᠡᠯ ᠶᠢᠡᠷ ᠬᠠᠭᠤᠳᠠᠰᠤ ᠳᠦᠭᠦᠷᠭᠡᠵᠤ ᠰᠠᠭᠤᠬᠤ ᠶᠢᠨ ᠣᠷᠤᠨ ᠳᠤ ᠴᠥᠭᠡᠨ ᠴᠤ ᠪᠣᠯᠤᠭ ᠭᠠᠭᠴᠠ ᠨᠢᠭᠡᠨ ᠴᠢᠨᠠᠷ ᠲᠡᠶ ᠶᠠᠭᠤᠮ᠎ᠠ ᠣᠷᠤᠯᠳᠤᠭᠠᠷᠠᠢ ᠭᠡᠵᠤ ᠡ᠊ᠨᠳᠡ ᠰᠠᠨᠠᠭᠤᠯᠤᠶ᠎ᠠ ︕ ᠡᠩᠭᠡᠭᠡᠳᠡ ᠪᠠᠭᠡᠵᠢᠩ ᠳᠤ ᠢᠷᠡᠭᠡᠤᠨ ᠪᠢᠴᠢᠭ᠍ᠰᠡᠨ ᠨᠢᠭᠡ ᠰᠢᠯᠦᠭ᠌ ᠶᠢᠡᠨ ᠪᠦᠳᠤᠨ ᠬᠠᠪᠣᠷ ᠶᠢᠡᠷ ᠳᠠᠭᠢᠨ ᠳᠠᠭᠢᠨ ᠵᠠᠰᠠᠨ ᠱᠥᠭᠦᠵᠤ᠂ ᠨᠠᠳᠠ ᠣᠩᠰᠢᠨ ᠰᠤᠨᠤᠰᠬᠠᠵᠤ᠂ ᠭᠠᠷᠴᠠᠭ ᠢ ᠨᠢ ᠰᠤᠯᠢᠨ ᠰᠢᠯᠢᠵᠤ ᠭᠠᠷ ᠡᠴᠡ ᠪᠠᠨ ᠭᠠᠷᠭᠠᠯ ᠦᠭᠡᠶ ᠳᠠᠷᠤᠭᠠᠤᠨ ᠪᠠᠢ᠌ᠬᠤ ᠶᠢ ᠪᠢ ᠨᠢᠳᠤ ᠪᠠᠷ ᠦᠵᠡᠯ᠎ᠠ᠃ ᠡᠯᠡᠰᠤᠨ ᠡᠴᠡ ᠠᠯᠳᠠ ᠰᠢᠷᠭᠠᠭᠠᠵᠤ ᠠᠪᠳᠠᠭ ᠰᠢᠭ ᠠᠮᠢᠳᠤᠷᠠᠯ ᠡᠴᠡ ᠰᠢᠯᠦᠭ᠌ ᠪᠣᠯᠪᠠᠰᠤᠷᠠᠭᠤᠯᠵᠤ ᠠᠪᠬᠤ ᠳᠤ ᠵᠤᠭᠢᠬᠤ ᠴᠠᠭ ᠭᠡᠷᠡᠭ᠍ᠰᠡᠭᠦ ᠨᠢ ᠣᠢ᠌ᠯᠠᠭᠠᠮᠵᠢᠳᠠᠢ ︕

《ᠰᠡᠭᠦᠳᠡᠷ ᠡᠮᠭᠦᠵᠤ ᠳᠤᠭᠵᠢᠷᠠᠭᠰᠠᠨ ᠳᠠᠭᠠᠨ᠎ᠠ ᠶᠢᠨ ᠦᠨᠦᠷ/ ᠰᠢᠯᠦᠭ᠌ ᠲᠤ ᠳᠤᠷᠠᠯᠠᠵᠤ ᠭᠦᠨᠦᠭ᠌ ᠲᠡᠶ ᠠᠢ᠌ᠷᠠᠭ ᠳᠤᠯᠢᠶᠠᠨ᠎ᠡ》 ᠁ ᠰᠢᠯᠦᠭ᠍ᠴᠢ ᠪᠦᠭᠦᠨ ᠢᠩᠭᠢᠵᠤ ᠰᠢᠯᠦᠭᠯᠡᠴᠢᠭᠡᠨ᠎ᠡ ᠭᠡᠳᠡᠭ᠌ ᠢ ᠪᠢ ᠢᠳᠡᠭᠡᠭᠦ ᠦᠭᠡᠶ᠃ ᠡ᠊ᠨᠳᠡ ᠣᠷᠠᠨ ᠳᠠᠭᠠᠮᠠᠭᠯᠠᠯ᠂ ᠬᠤᠯᠪᠤᠨ ᠪᠣᠳᠤᠯᠳᠠ ᠶᠢᠨ ᠠᠷᠭ᠎ᠠ ᠶᠢ ᠶᠠᠭᠠᠭᠢᠵᠤ ᠰᠠᠢ᠌ᠬᠠᠨ ᠠᠰᠢᠭᠯᠠᠭᠰᠠᠨ ᠭᠡᠵᠤ ᠰᠠᠨᠠᠨ᠎ᠠ᠃ ᠭᠦᠮᠤᠨ ᠤ ᠪᠢᠴᠢᠵᠤ ᠥᠩᠭᠡᠷᠡᠭ᠍ᠰᠡᠨ ᠵᠣᠢ᠌ᠯ ᠳᠡᠭᠡᠷ᠎ᠡ ᠢᠯᠡᠭᠦᠤ ᠨᠢᠭᠡ ᠭᠠᠷ ᠭᠦᠯ ᠵᠢᠷᠤᠭᠠᠤᠨ ᠣᠴᠠᠭᠠᠷ ᠭᠦᠷᠭᠡᠭᠦ ᠪᠢᠰᠢ ᠬᠠᠷᠢᠨ ᠳᠠᠪᠬᠤᠴᠠᠬᠤ ᠦᠭᠡᠶ ᠣᠷᠠᠨ ᠰᠠᠨᠠᠭ᠎ᠠ ᠣᠷᠤᠭᠤᠯᠵᠤ ᠴᠢᠳᠠᠬᠤ ᠪᠣᠯ ᠰᠠ‍‌ᠶᠢ ᠰᠢᠯᠦᠭᠯᠡᠭᠦ ᠣᠪᠠᠳᠢᠰ ᠪᠣᠯᠠᠢ᠃ ᠶᠠᠮᠠᠷ ᠰᠠᠢ᠌ᠬᠠᠨ ᠰᠢᠯᠦᠭ᠌ ᠪᠢᠴᠢᠯ᠎ᠠ ᠭᠡᠤᠨ ᠣᠷᠠᠨ ᠰᠠᠨᠠᠭᠠᠨ ᠤ ᠪᠣᠳᠤᠭ ᠣᠷᠤᠭᠤᠯᠵᠤ ᠴᠢᠳᠠᠬᠤ ᠦᠭᠡᠶ ᠪᠣᠯ ᠳᠠᠷᠠ ᠴᠢᠨᠢ ᠬᠤᠭᠤᠰᠤᠨ ᠭᠦᠳᠡᠯᠮᠦᠷᠢ᠃ ᠡᠩᠭᠡᠭᠡᠳᠡ ᠰᠢᠯᠦᠭ᠌ ᠲᠡᠭᠡᠨ ᠣᠷᠠᠨ ᠰᠠᠴᠠᠨ ᠥᠭᠡ ᠰᠢᠯᠢᠭᠦ ᠭᠡᠮᠡᠨ ᠪᠢᠷ ᠣᠶᠤᠨ ᠶᠢᠡᠨ ᠴᠢᠯᠡᠭᠡᠳᠡᠭ᠌ ᠦᠭᠡᠶ ᠬᠠᠷᠢᠨ ᠰᠢᠯᠦᠭ᠌ ᠶᠢᠡᠨ ᠰᠢᠯᠦᠭ᠌ ᠰᠢᠭ᠌ ᠪᠣᠯᠭᠠᠬᠤ ᠭᠡᠮᠡᠨ ᠰᠠᠤᠠᠭᠢᠯ ᠣᠶᠤᠨ ᠶᠢᠡᠨ ᠵᠥᠳᠡᠭᠡᠳᠡᠭ᠌ ᠲᠤ ᠯᠠ ᠪᠦᠭᠦ ᠣᠴᠢᠷ ᠨᠢᠭᠤᠭᠳᠠᠨ᠎ᠠ᠃ 《ᠭᠦᠯ ᠨᠢᠴᠦᠭᠦᠨ ᠪᠦᠰᠡᠭᠦᠢ ᠵᠢ/ᠴᠡᠴᠡᠭ᠌ ᠤᠨ ᠳᠤᠮᠳᠠᠭᠤᠷ ᠭᠦᠳᠦᠯᠵᠤ ᠶᠠᠪᠣᠭᠰᠠᠨ/ ᠭᠦᠭᠡ ᠨᠤᠭᠤᠭᠠᠨ ᠤ ᠰᠢᠭᠦᠰᠤ/ ᠭᠦᠭᠡᠷᠦᠭᠦᠨ ᠭᠦᠯ ᠢ ᠴᠢᠨᠢ ᠪᠣᠳᠤᠭᠰᠠᠨ ᠪᠠᠢ᠌ᠬ᠎ᠠ ᠡ/ ︕ ᠪᠣᠤ ᠣᠭᠢᠶᠠᠭᠠᠷᠠᠢ ᠁》 ᠭᠡᠭᠦ ᠪᠠᠳᠠᠭ ᠢ ᠣᠩᠰᠢᠬᠤ ᠲᠡᠶ ᠵᠡᠷᠭᠡ ᠬᠠᠯᠬ᠎ᠠ ᠶᠢᠨ ᠠᠪᠢᠶᠠᠰᠳᠤ ᠰᠢᠯᠦᠭ᠍ᠴᠢ ᠳ᠋·ᠨᠢᠮᠠᠰᠦ᠋ᠷᠤᠩ ᠤᠨ 《ᠭᠠᠷ ᠶᠢᠡᠷ ᠶᠢᠡᠨ ᠡᠩᠭᠦᠷᠡᠢ᠌ᠯᠡᠭ᠍ᠰᠡᠨ ᠰᠠᠢ᠌ᠬᠠᠨ ᠭᠦᠯ ᠢ ᠴᠢᠨᠢ/ ᠭᠠᠩᠭ᠋ᠠᠩ ᠴᠡᠴᠡᠭ᠌ ᠤᠨ ᠰᠡᠭᠦᠳᠡᠷ ᠲᠤ ᠨᠤᠷᠤᠭᠰᠠᠨ ᠪᠠᠢ᠌ᠬᠤ ᠶᠢ ᠦᠵᠡᠶ᠎ᠠ ᠭᠡᠰᠡᠨ ᠶᠤᠮ/ ᠭᠠᠩᠭ᠎ᠠ ᠠᠭᠢ ᠶᠢᠨ ᠦᠨᠦᠷ᠂ ᠨᠠᠷᠠ ᠲᠡᠶ᠂ ᠣᠰᠤ ᠲᠡᠶ ᠬᠠᠮᠳᠤ ᠠᠭᠤᠰᠤᠨ ᠣᠷᠤᠵᠤ/ ᠭᠠᠵᠠᠷ ᠳᠡᠯᠡᠭᠡᠢ ᠪᠠᠨ ᠪᠢ ᠴᠢᠮ᠎ᠠ ᠡᠴᠡ ᠣᠤᠭᠤᠶ᠎ᠠ ᠭᠡᠰᠡᠨ ᠶᠤᠮ᠃》 ᠭᠡᠮᠡᠭᠦ ᠰᠤᠩᠭ᠋ᠤᠳᠠᠭ ᠪᠠᠳᠠᠭ ᠦᠪᠡᠷ ᠤᠨ ᠡᠷᠭᠡ ᠦᠭᠡᠶ ᠰᠠᠨᠠᠭᠠᠨ ᠳᠤ ᠣᠷᠤᠨ᠎ᠠ᠃ ᠳᠡᠭᠡᠷᠡᠭᠢ ᠬᠤᠶᠠᠷ ᠪᠠᠳᠠᠭ ᠪᠢᠴᠢᠯᠭᠡ ᠶᠢᠨ ᠬᠤᠪᠢ ᠳᠤ ᠥᠭᠡᠷ᠎ᠡ ᠴᠤ ᠠᠳᠠᠯᠢᠬᠠᠨ ᠪᠠᠢ᠌ᠭᠠᠯᠢᠯᠢᠭ ᠭᠤᠸ᠎ᠠ ᠰᠠᠢ᠌ᠬᠠᠨ ᠢ ᠳᠠᠭᠠᠰᠢᠶᠠᠨ ᠳᠡᠭᠡᠳᠦᠯᠡᠳᠡᠭ᠌ ᠶᠢᠡᠷ ᠶᠢᠡᠨ ᠢᠵᠢᠯᠳᠤᠵᠤ ᠢᠷᠠᠨ᠎ᠡ᠃ ᠡᠩ ᠤᠨ ᠶᠠᠭᠤᠮᠠᠨ ᠤ ᠡᠩ ᠤᠨ ᠪᠣᠰᠤ ᠨᠢᠭᠤᠴᠠᠯᠢᠭ ᠳᠠᠯ᠎ᠠ ᠶᠢ ᠣᠯᠵᠤ ᠬᠠᠷᠠᠭᠰᠠᠨ ᠪᠠᠯᠠᠨ ᠵᠢᠱᠢᠶ᠎ᠠ ᠡ᠊ᠨᠳᠡ ᠪᠠᠶᠠᠯᠠᠯ ᠶᠢᠡᠨ ᠣᠯᠵᠤ ᠪᠠᠢ᠌ᠨ᠎ᠠ᠃ ᠡᠩᠭᠡᠭᠡᠳᠡ ᠶᠢᠨ 《ᠪᠣᠤ ᠣᠭᠢᠶᠠᠭᠠᠷᠠᠢ》 ᠭᠡᠰᠡᠨ ᠬᠤᠶᠠᠷᠬᠠᠨ ᠥᠭᠡᠨ ᠡᠴᠡ ᠯᠠ ᠣᠯᠠᠨ ᠰᠠᠨᠠᠭ᠎ᠠ ᠣᠷᠭᠤᠨ ᠭᠠᠷᠴᠤ᠂ ᠣᠤᠠᠬ᠎ᠠ ᠪᠠᠨ ᠴᠢᠮᠡᠭᠯᠡᠨ ᠰᠢᠯᠦᠭ᠌ ᠤᠨ ᠰᠠᠨᠠᠭ᠎ᠠ ᠪᠠᠨ ᠬᠤᠪᠢ ᠶᠢᠨ ᠭᠠᠳᠠᠨ᠎ᠠ ᠭᠤᠸ᠎ᠠ ᠭᠡᠭᠡᠮᠰᠦᠭ᠌ ᠪᠣᠯᠭᠠᠭᠰᠠᠨ᠃ ᠶᠠᠭᠤᠨ ᠳᠤ ᠭᠦᠭᠡ ᠨᠤᠭᠤᠭᠠᠨ ᠤ ᠰᠢᠭᠦᠰᠤᠨ ᠳᠤ ᠪᠣᠳᠤᠭᠳᠠᠭᠰᠠᠨ ᠭᠦᠭᠡᠷᠦᠭᠦᠨ ᠭᠦᠯ ᠶᠢᠡᠨ ᠪᠣᠤ ᠣᠭᠢᠶᠠ ᠭᠡᠰᠡᠨ ᠪᠣᠢ ︖ ᠰᠢᠯ ᠤᠨ ᠴᠠᠭᠠᠨ᠎ᠠ ᠶᠠᠭᠤᠮ᠎ᠠ ᠨᠢᠭᠤᠵᠤ ᠴᠢᠳᠠᠬᠤ ᠰᠢᠯᠦᠭ᠍ᠴᠢ ᠶᠢᠨ ᠣᠶᠤᠠᠯᠢᠭ ᠮᠠᠳᠠᠷᠠᠮᠵᠢ ᠭᠡᠭ᠍ᠴᠢ ᠡᠨᠡ ᠪᠣᠶᠤ ︕

ᠠᠮᠢᠳᠤᠷᠠᠯ ᠳᠤᠮᠳᠠ ᠭᠡᠨ ᠪᠦᠭᠦᠨ ᠰᠠᠢ᠌ᠨ ᠰᠢᠯᠦᠭ᠍ᠴᠢ ᠪᠣᠯᠬᠤ ᠭᠡᠤᠨ ᠭᠦᠰᠡᠳᠡᠭ᠌ ᠨᠢ ᠦᠨᠡᠨ᠃ ᠭᠡᠳᠡᠯ᠎ᠡ ᠰᠠᠢ᠌ᠨ ᠰᠢᠯᠦᠭ᠍ᠴᠢ ᠳᠠᠷᠠ ᠮᠥᠷᠳᠡᠭᠡᠨ ᠠᠪᠢᠶᠠᠰ ᠪᠢᠯᠢᠭ᠌ ᠪᠣᠯᠪᠠᠰᠤᠷᠠᠯ ᠪᠦᠷᠢᠳᠦᠭ᠍ᠰᠡᠨ ᠰᠠᠢ᠌ᠨ ᠰᠢᠯᠦᠭ᠍ᠴᠢ ᠪᠣᠯᠤᠨ᠎ᠠ ᠭᠡᠳᠡᠭ᠌ ᠨᠠᠭᠠᠳᠤᠮ ᠪᠢᠰᠢ᠃ ᠳᠡᠭᠡᠭᠡᠤᠨ ᠭᠠᠭᠴᠠᠬᠠᠨ ᠵᠥᠭᠡᠷ ᠰᠢᠯᠦᠭ᠌ ᠪᠢᠴᠢᠴᠢᠭᠡᠪᠠᠯ ᠰᠠᠢ᠌ᠨ ᠰᠢᠯᠦᠭ᠍ᠴᠢ ᠪᠣᠯᠴᠢᠬᠠᠬᠤ ᠪᠢᠰᠢ᠂ ᠬᠠᠷᠢᠨ ᠰᠢᠯᠦᠭ᠌ ᠶᠢᠡᠷ ᠶᠢᠡᠨ ᠰᠢᠯᠦᠭ᠌ ᠶᠢᠡᠨ ᠳᠠᠪᠠᠬᠤ ᠭᠡᠮᠡᠨ ᠰᠢᠳᠤ ᠵᠠᠭᠤᠵᠤ ᠪᠠᠢ᠌ᠭᠠᠤᠨ ᠰᠠᠢ᠌ᠨ ᠰᠢᠯᠦᠭ᠍ᠴᠢ ᠪᠣᠯᠳᠠᠭ ᠣᠬᠠᠭᠠᠨ ᠲᠡᠶ᠃ ᠡᠩᠭᠡᠭᠡᠳᠡ ᠶᠢᠨ ᠰᠢᠯᠦᠭ᠌ ᠢ ᠰᠤᠨᠢᠷᠬᠠᠵᠤ ᠰᠠᠭᠤᠬᠤ ᠳᠤ ᠭᠡᠷ ᠳᠡᠭᠡᠷ᠎ᠡ ᠬᠠᠳᠠᠭᠠᠭᠰᠠᠨ ᠬᠤᠷᠤᠳ ᠡᠴᠡ ᠪᠠᠨ ᠠᠪᠣᠭᠠᠤᠨ ᠠᠮᠳᠠᠯᠠᠬᠤ ᠰᠢᠭ ᠳᠠᠰᠤᠯᠬᠠᠨ ᠰᠠᠨᠠᠭᠳᠠᠳᠠᠭ ᠨᠢ ᠠᠷᠭ᠎ᠠ ᠦᠭᠡᠶ᠃ ᠳᠠᠷᠠ ᠪᠠᠷ 《ᠳᠠᠩ ᠴᠠᠮᠴᠠ ᠴᠢᠨᠢ/ ᠮᠦᠷᠤᠨ ᠡᠴᠡ ᠴᠢᠨᠢ ᠮᠥᠯᠳᠦᠷᠡᠭᠦ ᠳ᠋ᠤ/ ᠳᠠᠭᠠᠭᠠᠤᠨ ᠮᠢᠨᠤ ᠬᠠᠷᠠᠴᠠ ᠮᠥᠯᠳᠦᠷᠡᠭ᠍ᠰᠡᠨ/ ᠳᠠᠪᠠᠯ ᠶᠢᠡᠨ ᠳᠠᠢ᠌ᠴᠢᠭᠠᠤᠨ ᠳᠡᠪᠢᠰᠭᠦ ᠳ᠋ᠤ/ ᠳᠠᠯ᠎ᠠ ᠶᠢᠨ ᠰᠦᠨᠢ ᠶᠢᠨ ᠴᠡᠴᠡᠭ᠌ ᠤᠳ/ ᠳᠤᠭᠤᠰᠤ ᠪᠠᠨ ᠭᠦᠪᠢᠨ ᠳᠤᠤᠷ᠎ᠠ ᠨᠢ ᠢᠪᠠᠭ᠍ᠳᠡᠵᠤ ᠵᠤᠯᠠᠷᠠᠭᠰᠠᠨ/ ᠶᠠᠮᠠᠷ ᠰᠠᠢ᠌ᠬᠠᠨ ᠰᠦᠨᠢ ᠪᠣᠢ》 ᠭᠡᠤᠨ ᠰᠢᠯᠦᠭᠯᠡᠭ᠍ᠰᠡᠨ ᠨᠢ ᠪᠣᠢ᠃ ᠰᠢᠭᠤᠳ ᠣᠩᠰᠢᠭᠠᠤᠨ ᠥᠩᠭᠡᠷᠡᠪᠠᠯ ᠶᠠᠭᠤ ᠴᠤ ᠠᠮᠳᠠᠯᠠᠭᠳᠠᠬᠤ ᠦᠭᠡᠶ ᠪᠠᠢ᠌ᠵᠤ ᠮᠠᠳᠠᠨ᠎ᠡ᠃ ᠭᠡᠪᠠᠴᠤ ᠪᠢ ᠶᠠᠭᠤ ᠣᠩᠰᠢᠴᠢᠬᠠᠪᠠ ᠭᠡᠮᠡᠨ ᠭᠡᠳᠡᠷᠭᠦ ᠡᠷᠭᠢᠭᠡᠤᠨ ᠵᠠᠵᠢᠯᠪᠠᠯ ᠰᠠ‍‌ᠶᠢ ᠣᠤᠯ ᠠᠮᠳᠠ ᠶᠢ ᠨᠢ ᠣᠯᠵᠤ ᠪᠣᠯᠤᠨ᠎ᠠ᠃ ᠴᠠᠮᠴᠠ ᠲᠡᠶ ᠬᠠᠮᠳᠤ ᠬᠠᠷᠠᠴᠠ ᠨᠢ ᠮᠥᠯᠳᠦᠷᠡᠭ᠍ᠰᠡᠨ᠂ ᠳᠠᠪᠠᠯ ᠶᠢᠡᠨ ᠳᠡᠪᠢᠰᠭᠦ ᠳᠤ ᠴᠡᠴᠡᠭ᠌ ᠨᠢ ᠢᠪᠠᠭ᠍ᠳᠡᠭ᠍ᠰᠡᠨ ᠁ ᠴᠤᠬᠤᠮ ᠴᠤ ᠭᠦᠮᠤᠨ ᠨᠢ ᠪᠠᠢ᠌ᠭᠠᠯᠢ ᠲᠡᠶ ᠪᠠᠨ᠂ ᠪᠠᠢ᠌ᠭᠠᠯᠢ ᠨᠢ ᠭᠦᠮᠤᠨ ᠲᠡᠶ ᠪᠠᠨ᠂ ᠳᠤᠷ᠎ᠠ ᠨᠢ ᠭᠦᠰᠡᠯ ᠲᠡᠶ ᠪᠠᠨ᠂ ᠰᠠᠨᠠᠭ᠎ᠠ ᠨᠢ ᠰᠠᠤᠠᠭᠢᠯ ᠲᠡᠶ ᠪᠠᠨ ᠳᠠᠯᠳᠠ ᠶᠢᠨ ᠨᠠᠷᠢᠨ ᠰᠢᠵᠢᠮ ᠶᠢᠡᠷ ᠭᠡᠯᠭᠢᠭ᠍ᠳᠡᠨ ᠬᠤᠯᠪᠣᠯᠳᠠᠭᠠᠤᠨ ᠬᠤᠭᠤᠷ ᠤᠨ ᠬᠤᠶᠠᠷᠬᠠᠨ ᠣᠳᠠᠰᠤᠨ ᠳᠡᠭᠡᠷ᠎ᠡ ᠳᠤᠭᠳᠤᠯᠤᠨ ᠣᠶᠠᠷᠠᠭᠰᠠᠨ ᠰᠢᠯᠦᠭᠯᠢᠭ᠌ ᠶ‍ᠢᠷᠳᠢᠠᠴᠤ ᠭᠡᠵᠤ ᠡᠢ᠌ᠮᠤ ᠪᠠᠢ᠌ᠬᠤ ᠳᠠᠭᠠᠨ ᠳᠠᠭᠠᠷᠠᠨ᠎ᠠ᠃ ᠡᠢ᠌ᠮᠦᠷᠭᠦ ᠰᠢᠯᠦᠭᠯᠢᠭ᠌ ᠶ‍ᠢᠷᠳᠢᠠᠴᠤ ᠭᠠᠭᠴᠠᠬᠦ ᠨᠡᠭᠦᠳᠡᠯᠴᠢᠨ ᠤ ᠬᠣᠢ᠌ᠴᠢᠰ ᠲᠤ ᠣᠨᠤᠭᠳᠠᠨ᠎ᠠ᠂ ᠨᠡᠭᠦᠳᠡᠯᠴᠢᠨ ᠤ ᠬᠣᠢ᠌ᠴᠢᠰ ᠲᠤ ᠥᠮᠴᠢᠯᠡᠭ᠍ᠳᠡᠨ᠎ᠡ᠃ 《ᠭᠦᠭᠦᠨ ᠳᠤᠪᠴᠢᠨ ᠳᠡᠭᠡᠷᠡᠭᠢ ᠣᠷᠤᠭᠤᠯ ᠤᠨ ᠭᠡ ᠵᠢ/ ᠭᠡᠭᠡᠷ᠎ᠡ ᠶᠢᠨ ᠵᠢᠪᠠᠷ ᠠᠷᠴᠢᠬᠤ ᠭᠡᠤᠨ ᠢᠴᠢᠭ᠍ᠰᠡᠨ/ ᠭᠦᠨᠡᠢ᠌ᠷᠭᠡᠵᠤ ᠴᠢᠳᠠᠭ᠎ᠠ ᠥᠭᠡᠢ/ ᠬᠤᠩᠭ᠋ᠤᠷ ᠬᠤᠶᠠᠷ ᠤᠨ ᠵᠢᠷᠭᠠᠯ ᠢ/ ᠭᠦᠳᠡᠭᠡ ᠶᠢᠨ ᠰᠦᠨᠢ ᠬᠤᠪᠢᠶᠠᠯᠴᠢᠬᠤ ᠭᠡᠤᠨ ᠰᠤᠭᠳᠤᠭᠰᠠᠨ/ ᠶᠠᠮᠠᠷ ᠰᠠᠢ᠌ᠬᠠᠨ ᠰᠦᠨᠢ ᠪᠣᠢ》 ᠁ ᠡᠩᠭᠡᠭᠡᠳᠡ ᠰᠢᠯᠦᠭ᠌ ᠢ ᠢᠩᠭᠡᠵᠤ ᠯᠠ ᠪᠢᠴᠢᠨ᠎ᠡ᠃ ᠡᠭᠦᠨ ᠡᠴᠡ ᠥᠭᠡᠷ᠎ᠡ ᠶᠠᠭᠠᠭᠢᠵᠤ ᠪᠢᠴᠢᠭᠦ ᠶᠢ ᠪᠢ ᠮᠡᠳᠡᠭᠦ ᠦᠭᠡᠶ᠃ ᠡᠳ᠋ᠯᠡᠭ᠍ᠰᠡᠨ ᠵᠢᠷᠭᠠᠯ ᠳᠠᠭᠠᠨ ᠡᠵᠡᠨ ᠨᠢ ᠰᠤᠭᠳᠤᠬᠤ ᠡᠴᠡ ᠡᠮᠤᠨ᠎ᠡ ᠪᠠᠢ᠌ᠭᠠᠯᠢ ᠨᠢ ᠰᠤᠭᠳᠤᠴᠢᠬᠠᠭᠰᠠᠨ ᠴᠤᠬᠤᠮ ᠴᠤ ᠨᠠᠢ᠌ᠵᠠ ᠪᠦᠰᠡᠭᠦᠢ ᠲᠡᠶ ᠪᠠᠨ 《ᠵᠢᠷᠭᠠᠭᠠᠤᠨ ᠥᠭᠦᠴᠢᠭᠡᠮᠡᠷ》 ᠰᠠᠢ᠌ᠬᠠᠨ ᠰᠦᠨᠢ ᠡ ︕ ᠰᠢᠯᠦᠭ᠍ᠴᠢ ᠮᠠᠨᠢ ᠢᠯᠠ ᠪᠢᠴᠢᠭᠦ ᠭᠡᠰᠡᠨ ᠵᠣᠢ᠌ᠯ ᠶᠢᠡᠷ ᠢᠯᠠ ᠪᠣᠯᠭᠠᠭ᠎ᠠ ᠦᠭᠡᠶ᠂ ᠬᠠᠷᠢᠨ ᠰᠢᠯᠦᠭ᠌ ᠤᠨ ᠨᠠᠪᠴᠢᠨ ᠳᠤᠤᠷ᠎ᠠ ᠪᠠᠨ ᠡᠪᠳᠡᠢ᠌ᠭᠡᠨ ᠳᠠᠯᠳᠠᠯᠠᠵᠤ ᠴᠢᠳᠠᠭᠰᠠᠨ᠃ ᠡᠭᠦᠨ ᠳᠤ ᠭᠠᠢ᠌ᠬᠠᠭᠠᠤᠨ ᠪᠠᠢ᠌ᠮᠠᠷ ᠶᠠᠭᠤᠮ᠎ᠠ ᠦᠭᠡᠶ᠂ ᠦᠨᠡᠨ ᠰᠠᠨᠠᠭ᠎ᠠ ᠨᠢ ᠰᠢᠯᠦᠭ᠌ ᠤᠨ ᠨᠠᠪᠴᠢᠨ ᠳᠤᠤᠷ᠎ᠠ ᠪᠠᠢ᠌ᠨ᠎ᠠ᠂ ᠥᠵᠡᠭᠦ ᠭᠡᠤᠨ ᠣᠢ᠌ᠯᠠ ᠪᠠᠨ ᠪᠠᠷᠠᠭᠰᠠᠨ ᠤ ᠴᠤ ᠭᠡᠷᠡᠭ᠌ ᠦᠭᠡᠶ᠃ ᠵᠠᠷᠢᠮ ᠵᠣᠢ᠌ᠯ ᠢ ᠭᠡᠳᠦᠷᠭᠡᠢ ᠢᠯᠠ ᠪᠢᠴᠢᠭ᠍ᠰᠡᠨ ᠤ ᠭᠡᠷᠡᠭ᠍ᠴᠢᠭᠡ ᠠᠯᠠᠭ᠎ᠠ᠂ ᠢᠯᠠ ᠪᠢᠴᠢᠪᠠᠯ ᠬᠠᠷᠢᠨ ᠦᠨ᠎ᠡ ᠪᠠᠨ ᠠᠯᠳᠠᠴᠢᠬᠠᠵᠤ ᠮᠠᠳᠠᠨ᠎ᠡ᠃ ᠬᠠᠷᠢᠨ ᠶᠠᠭᠠᠭᠢᠵᠤ ᠢᠯᠠ ᠪᠠᠷ ᠳᠠᠯᠳᠠ ᠶᠢ ᠥᠵᠡᠭᠦᠯᠭᠦ ᠪᠣᠢ ᠭᠡᠳᠡᠭ᠌ ᠲᠤ ᠶᠡᠭᠡ ᠣᠬᠠᠭᠠᠨ ᠣᠷᠤᠨ᠎ᠠ᠃ ᠡ᠊ᠨᠳᠡ ᠰᠢᠯᠦᠭ᠍ᠴᠢ ᠮᠠᠨᠢ ᠠᠮᠢᠳᠤᠷᠠᠯ ᠳᠤ ᠪᠠᠢ᠌ᠬᠤ ᠮᠥᠷᠳᠡᠭᠡᠨ ᠪᠠᠢ᠌ᠵᠤ ᠴᠤ ᠪᠣᠯᠬᠤ ᠵᠣᠢ᠌ᠯ ᠢ ᠪᠢᠴᠢᠭᠦ ᠳᠡᠭᠡᠨ ᠶᠠᠭ ᠺᠢᠨᠤ᠋ ᠰᠡᠭᠦᠳᠡᠷᠯᠡᠭᠦ ᠰᠢᠭ᠌ ᠴᠤᠬᠣᠢ᠌ᠰ ᠥᠵᠡᠭᠦᠯᠦᠭᠡᠤᠨ ᠥᠩᠭᠡᠷᠡᠵᠡᠢ᠃ ᠢᠯᠡᠭᠦᠤ ᠥᠭᠡ ᠨᠢᠭᠡ ᠴᠤ ᠵᠠᠷᠤᠭ᠎ᠠ ᠦᠭᠡᠶ᠂ ᠵᠥᠪᠭᠡᠨ ᠪᠣᠷᠤᠭᠵᠢᠭᠤᠨ ᠴᠡᠪᠠᠷᠭᠡᠨ ᠳᠦᠷᠪᠠᠭᠡᠨ ᠮᠦᠷ ᠶᠢᠡᠷ ᠠᠮᠢᠳᠤᠷᠠᠯ ᠤᠨ ᠦᠨᠡᠨ ᠢ ᠣᠷᠠᠯᠢᠭ ᠤᠨ ᠦᠨᠡᠨ ᠪᠣᠯᠭᠠᠨ ᠵᠢᠷᠤᠭᠯᠠᠵᠤ᠂ ᠣᠩᠰᠢᠭᠴᠢᠳ ᠶᠢᠡᠨ ᠭᠦᠭ᠍ᠵᠢᠭᠡᠵᠤ ᠠᠪᠣᠭᠠᠤᠨ ᠨᠠᠮᠳᠠᠭᠠᠵᠤ ᠴᠢᠳᠠᠭᠰᠠᠨ ᠳᠤ ᠪᠠᠬᠠᠳᠤᠮᠠᠷ᠃ ᠡᠨᠡ ᠪᠣᠯ ᠰᠠ‍‌ᠶᠢ ᠰᠢᠯᠦᠭ᠌ ᠤᠨ ᠭᠤᠸ᠎ᠠ ᠰᠠᠢ᠌ᠬᠠᠨ᠂ ᠣᠶᠤᠠᠯᠢᠭ ᠡᠷᠡᠭᠦᠯ ᠮᠠᠳᠠᠷᠠᠮᠵᠢ ︕ ᠡᠢ᠌ᠮᠤ ᠮᠠᠳᠠᠷᠠᠮᠵᠢ ᠭᠦᠮᠤᠨ ᠪᠣᠯᠭᠠᠨ ᠳᠤ ᠪᠠᠢ᠌ᠪᠠᠴᠤ ᠭᠠᠷᠭᠠᠵᠤ ᠴᠢᠳᠠᠳᠠᠭ ᠨᠢ ᠬᠤᠪᠣᠷ᠃

《ᠨᠠᠰᠤ ᠪᠠᠷ ᠵᠥᠴᠦᠭᠡᠯᠡᠵᠤ ᠳᠤᠭᠤᠯᠳᠠᠭ ᠬᠤᠷᠸ᠎ᠠ ᠵᠢ/ ᠨᠠᠢ᠌ᠵᠠ ᠭᠡᠦᠭᠡᠨ ᠤ ᠪᠠᠨ ᠳᠡᠷᠭᠡᠳᠡ ᠭᠠᠭᠴᠠᠬᠠᠨ ᠣᠳᠠᠭ᠎ᠠ ᠦᠨᠡᠨ ᠪᠠᠢ᠌ᠯᠭᠠᠶ᠎ᠠ ᠭᠡᠭᠦ ᠳ᠋ᠤ/ ᠨᠠᠮᠤᠷ ᠤᠨ ᠰᠦᠨᠢ ᠳᠠᠩᠴᠤ ᠪᠣᠭᠤᠨᠢ ᠪᠠᠢ᠌ᠭᠰᠠᠨ ᠢ ᠶᠠᠭᠠᠭᠢᠨᠠᠮ/ ᠨᠠᠢ᠌ᠳᠠ ᠪᠠᠷ ᠬᠠᠷᠠᠳᠠᠳᠠᠭ/ ᠨᠢᠭᠤᠴᠠ ᠠᠮᠠᠷᠠᠭ ᠲᠡᠶ ᠣᠷᠴᠢᠯᠠᠩ ᠢ/ ᠭᠠᠭᠴᠠᠬᠠᠨ ᠰᠦᠨᠢ ᠴᠤ ᠭᠡᠰᠡᠨ ᠢᠯᠡᠭᠡᠨ ᠪᠠᠢ᠌ᠯᠭᠠᠶ᠎ᠠ ᠭᠡᠭᠦ ᠳ᠋ᠤ/ ᠨᠤᠳᠤᠭ ᠤᠨ ᠮᠢᠨᠢ ᠰᠦᠨᠢ ᠨᠡᠭᠡᠷᠡᠨ/ ᠠᠨᠢᠷ ᠳᠠᠰᠤᠷᠠᠭᠰᠠᠨ ᠶᠤᠮ ᠰᠢᠭ ᠡᠵᠡᠭᠦᠢ ᠪᠠᠢ᠌ᠭᠰᠠᠨ ᠢ ᠶᠠᠭᠠᠭᠢᠨᠠᠮ》 ᠁ ᠦᠨᠡᠨ ᠢ ᠦᠨᠡᠨ ᠶᠢᠡᠷ ᠨᠢ ᠪᠠᠢ᠌ᠯᠠᠭᠠᠵᠤ ᠴᠢᠳᠠᠬᠤ ᠦᠭᠡᠶ ᠵᠤᠪᠠᠯᠠᠩ᠂ ᠨᠢᠭᠤᠴᠠ ᠶᠢ ᠢᠯᠠ ᠪᠣᠯᠭᠠᠵᠤ ᠴᠢᠳᠠᠳᠠᠭ ᠦᠭᠡᠶ ᠭᠠᠴᠢᠯᠠᠩ ᠬᠤᠭᠤᠷᠤᠠᠳᠤ ᠪᠠᠨ ᠭᠠᠯ ᠣᠰᠤ ᠰᠢᠭ ᠬᠠᠷᠰᠢᠯᠳᠤᠭᠠᠤᠨ ᠨᠠᠮᠤᠷ ᠤᠨ ᠨᠠᠪᠴᠢᠨ ᠳᠡᠭᠡᠭᠦᠷ ᠬᠠᠢ᠌ᠷ᠎ᠠ ᠶᠢᠨ ᠰᠢᠭᠦᠳᠡᠷᠢ᠂ ᠨᠠᠢ᠌ᠷᠠᠭ ᠤᠨ ᠰᠤᠠᠳᠤᠷ ᠪᠣᠯᠤᠨ ᠪᠦᠮᠪᠦᠷᠢᠵᠤ ᠪᠠᠢ᠌ᠨ᠎ᠠ᠃ ᠡᠢ᠌ᠮᠦᠷᠭᠦ ᠠᠮᠢᠳᠤᠷᠠᠯ ᠤᠨ ᠦᠨᠡᠨ ᠰᠢᠯᠦᠭ᠍ᠴᠢ ᠳᠤ ᠲᠤᠬᠢᠶᠠᠯᠳᠤᠭᠰᠠᠨ ᠪᠠᠢ᠌ᠵᠤ ᠪᠣᠯᠤᠨ᠎ᠠ᠂ ᠲᠤᠬᠢᠶᠠᠯᠳᠤᠭᠰᠠᠨ ᠦᠭᠡᠶ ᠪᠠᠢ᠌ᠵᠤ ᠴᠤ ᠪᠣᠯᠤᠨ᠎ᠠ᠃ ᠡ᠊ᠨᠳᠡ ᠠᠮᠢᠳᠤᠷᠠᠯ ᠰᠢᠯᠦᠭ᠌ ᠬᠤᠶᠠᠷ ᠢ ᠬᠤᠤᠠᠬᠤᠵᠤ ᠣᠢ᠌ᠯᠠ ᠪᠠᠨ ᠪᠠᠷᠠᠭᠰᠠᠨ ᠤ ᠴᠢᠬᠤᠯᠠ ᠦᠭᠡᠶ᠃ ᠬᠠᠷᠢᠨ ᠡᠭᠦᠨ ᠳᠤ ᠶᠠᠮᠠᠷᠴᠤ ᠮᠦᠩᠭᠦ ᠵᠤᠭᠤᠰ᠂ ᠠᠰᠢᠭ ᠣᠯᠵᠠ᠂ ᠳᠤᠷ᠎ᠠ ᠰᠢᠨᠤᠯ ᠤᠨ ᠦᠯᠦᠨ ᠭᠬᠢᠷ ᠨᠠᠭᠠᠯᠳᠤᠭ᠎ᠠ ᠦᠭᠡᠶ ᠭᠡᠳᠡᠭ᠌ ᠢ ᠣᠢ᠌ᠯᠠᠭᠠᠪᠠᠯ ᠴᠢᠮ᠎ᠠ ᠳᠤ ᠶ‍ᠢᠷᠳᠢᠠᠴᠤ ᠳᠡᠯᠡᠭᠡᠢ ᠳᠠᠷᠠ ᠴᠢᠭ᠌ ᠶᠢᠡᠷ ᠶᠢᠡᠨ ᠪᠣᠷᠬᠠᠨ ᠤ ᠣᠷᠤᠨ ᠰᠢᠭ ᠥᠵᠡᠭ᠍ᠳᠡᠵᠤ ᠮᠠᠳᠠᠨ᠎ᠡ᠃ ᠠᠯᠢᠪᠠ ᠮᠠᠭᠤ ᠮᠠᠭᠤᠬᠠᠢ᠂ ᠱᠠᠯᠢᠭ ᠵᠠᠪᠠᠬᠠᠢ᠂ ᠪᠣᠵᠠᠷ ᠪᠣᠷᠳᠠᠭ᠂ ᠪᠣᠯᠭᠢ ᠪᠦᠳᠦᠭᠦᠯᠢᠭ᠌ ᠶᠠᠭᠤᠮ᠎ᠠ ᠪᠦᠭᠦᠨ ᠭᠦᠮᠤᠨ ᠤ ᠰᠠᠤᠠᠭᠢᠯ ᠡᠴᠡ ᠯᠠ ᠡᠭᠦᠰᠴᠤ᠂ ᠰᠠᠤᠠᠭᠢᠯ ᠡᠴᠡ ᠠᠷᠢᠯᠤᠨ᠎ᠠ᠃ ᠪᠠᠢ᠌ᠭᠠᠯᠢ ᠳᠡᠯᠡᠭᠡᠢ ᠳᠤ ᠣᠤᠯ ᠡᠴᠡ ᠪᠠᠨ ᠪᠠᠢ᠌ᠭ᠎ᠠ ᠦᠭᠡᠶ᠂ ᠭᠦᠮᠤᠨ ᠦᠪᠡᠷ ᠶᠢᠡᠨ ᠠᠪᠴᠢᠷᠠᠭᠰᠠᠨ ᠶᠠᠭᠤᠮ᠎ᠠ᠃ ᠡ᠊ᠨᠳᠡ ᠰᠢᠯᠦᠭ᠍ᠴᠢ ᠮᠠᠨᠢ ᠮᠤᠩᠭ᠋ᠤᠯ ᠰᠢᠯᠦᠭ᠌ ᠤᠨ ᠪᠠᠢ᠌ᠭᠠᠯᠢᠯᠢᠭ ᠭᠤᠸ᠎ᠠ ᠰᠠᠢ᠌ᠬᠠᠨ ᠶᠢᠡᠷ ᠭᠦᠮᠤᠨ ᠤ ᠰᠠᠤᠠᠭᠢᠯ ᠤᠨ ᠬᠣᠢ᠌ᠮᠤᠷ ᠬᠤᠨᠤᠭᠰᠢᠭᠰᠠᠨ ᠭᠬᠢᠷ ᠪᠣᠷᠳᠠᠭ ᠢ ᠠᠷᠢᠭᠤᠤᠠᠬᠠᠨ ᠴᠡᠪᠠᠷᠰᠢᠭᠦᠯᠭᠦ ᠭᠡᠮᠡᠨ ᠥᠵᠦᠭ᠌ ᠶᠢᠡᠨ ᠪᠢᠯᠡᠭᠦᠳᠡᠭ᠍ᠰᠡᠨ ᠨᠢ ᠣᠴᠢᠷᠳᠠᠢ ︕ ᠳᠡᠭᠡᠭᠡᠤᠨ 《ᠳᠠᠭᠤᠯᠠᠪᠠᠯ ᠳᠠᠭᠤᠯᠠᠴᠢᠬᠠᠮᠠᠷ/ ᠳᠤᠷᠠᠯᠠᠭᠰᠠᠨ ᠭᠦᠮᠤᠨ ᠤ ᠪᠠᠨ ᠥᠭᠡᠨ ᠳᠤ ᠨᠢᠯᠬᠠᠷᠠᠮᠠᠷ/ ᠳᠤᠩ ᠴᠠᠭᠠᠨ ᠭᠦᠵᠦᠭᠦᠨ ᠤ ᠣᠷᠢᠶᠠᠯᠳᠠ ᠳᠡᠭᠡᠷ᠎ᠡ/ᠲ᠋ᠦᠷᠡᠯᠡᠯ ᠤᠨ ᠪᠠᠳᠠᠭ ᠶᠢᠡᠨ ᠳᠠᠳᠠᠯᠠᠮᠠᠷ/ ᠶᠠᠭᠠᠭᠢᠭᠰᠠᠨ ᠰᠠᠢ᠌ᠬᠠᠨ ᠰᠦᠨᠢ ᠪᠣᠢ/ ᠢᠰᠭᠦᠯᠡᠩ ᠵᠢᠮᠢᠰ ᠪᠣᠯᠪᠠᠰᠤᠷᠠᠮᠠᠷ/ ᠢᠵᠢᠯᠢᠳᠦᠭ᠍ᠰᠡᠨ ᠰᠢᠪᠠᠭᠤ ᠪᠠᠭᠤᠮᠠᠷ/ ᠢᠨᠠᠭᠯᠠᠭᠰᠠᠨ ᠭᠡᠦᠭᠡᠨ ᠶᠢᠡᠨ ᠪᠣᠭᠳᠤᠯᠠᠮᠠᠷ/ ᠶᠠᠮᠠᠷ ᠰᠠᠢ᠌ᠬᠠᠨ ᠰᠦᠨᠢ ᠪᠣᠢ》 ᠭᠡᠮᠡᠨ ᠰᠠᠤᠠᠭᠢᠯ ᠳᠠᠭᠤᠯᠠᠵᠤ᠂ ᠰᠠᠨᠠᠭ᠎ᠠ ᠠᠯᠳᠠᠳᠠᠯ᠎ᠠ ᠰᠢᠯᠦᠭᠯᠡᠭᠡᠤᠨ ᠳᠡᠭᠦᠰᠭᠡᠵᠤ ᠪᠠᠢ᠌ᠨ᠎ᠠ᠃ ᠪᠢᠳᠠ ᠨᠠᠷᠢᠨ ᠰᠢᠠᠵᠢᠶ᠎ᠠ᠂ ᠡᠩᠭᠡᠭᠡᠳᠡ ᠰᠢᠯᠦᠭ᠌ ᠢ ᠴᠤᠬᠤᠮ ᠶᠡᠭᠠᠭᠢᠰᠭᠢᠵᠤ ᠪᠢᠴᠢᠵᠤ ᠪᠠᠢ᠌ᠨ᠎ᠠ ︖ ᠶᠠᠭᠠᠭᠢᠬᠤ ᠳᠠᠭᠠᠨ ᠳᠤᠷᠠᠯᠠᠭᠰᠠᠨ ᠭᠦᠮᠤᠨ ᠤ ᠪᠠᠨ ᠥᠭᠡᠨ ᠳᠤ ᠨᠢᠯᠬᠠᠷᠠᠵᠤ᠂ ᠳᠤᠩ ᠴᠠᠭᠠᠨ ᠭᠦᠵᠦᠭᠦᠨ ᠣᠷᠢᠶᠠᠯᠳᠠ ᠳᠡᠭᠡᠷ᠎ᠡ ᠨᠢ ᠳᠤᠷᠠᠯᠠᠯ ᠤᠨ ᠪᠠᠳᠠᠭ ᠶᠢᠡᠨ ᠳᠠᠳᠠᠯᠠᠳᠠᠭ ᠪᠢᠯᠠ ︖ ᠭᠡᠵᠤ ᠪᠣᠳᠤᠬᠤ ᠳᠤ ᠪᠦᠭᠦ ᠶᠠᠭᠤᠮᠠᠨ ᠤ ᠣᠨᠢᠰᠤᠭ᠎ᠠ᠂ ᠳᠠᠢ᠌ᠯᠪᠣᠷᠢ ᠭᠡᠷᠡᠭ᠌ ᠦᠭᠡᠶ ᠦᠪᠡᠷ ᠶᠢᠡᠨ ᠳᠠᠢ᠌ᠯᠤᠭᠳᠠᠨ᠎ᠠ᠃ ᠡᠢ᠌ᠮᠤ ᠰᠠᠢ᠌ᠬᠠᠨ ᠰᠦᠨᠢ ᠢᠰᠭᠦᠯᠡᠩ ᠵᠢᠮᠢᠰ ᠪᠣᠯᠪᠠᠰᠤᠷᠠᠨ ᠢᠵᠢᠯᠢᠳᠦᠭ᠍ᠰᠡᠨ ᠰᠢᠪᠠᠭᠤ ᠪᠠᠭᠤᠭᠠᠤᠨ ᠢᠷᠡᠭᠦ ᠨᠢ ᠰᠤᠨᠢᠨ ᠪᠢᠰᠢ ᠪᠢᠵᠠ ⁈ ᠡᠨᠡ ᠰᠠᠢ᠌ᠬᠠᠨ ᠰᠢᠯᠦᠭᠯᠢᠭ᠌ ᠳᠠᠷᠬᠠᠨ ᠶ‍ᠢᠷᠳᠢᠠᠴᠤ ᠳᠤ ᠭᠡᠨ ᠭᠦᠷᠦᠶ᠎ᠡ ᠭᠡᠵᠤ ᠭᠦᠰᠡᠭᠦ ᠦᠭᠡᠶ ᠪᠣᠢ ︖ ᠭᠡᠳᠡᠯ᠎ᠡ ᠭᠦᠮᠤᠨ ᠪᠦᠭᠦᠨ ᠤ ᠭᠦᠷᠦᠶ᠎ᠡ ᠭᠡᠤᠨ ᠭᠦᠷᠴᠤ ᠴᠢᠳᠠᠳᠠᠭ ᠦᠭᠡᠶ ᠳᠠᠷᠠ ᠰᠠᠢ᠌ᠬᠠᠨ ᠰᠢᠯᠦᠭᠯᠢᠭ᠌ ᠳᠠᠷᠬᠠᠨ ᠶ‍ᠢᠷᠳᠢᠠᠴᠤ ᠪᠠᠨ ᠰᠢᠯᠦᠭ᠍ᠴᠢ ᠶᠢᠨ ᠪᠢᠷ ᠳᠤᠤᠷ᠎ᠠ ᠡᠴᠡ ᠰᠤᠨᠢᠷᠬᠠᠵᠤ ᠠᠪᠬᠤ ᠰᠤᠨᠢᠨ ᠪᠢᠰᠢ ᠪᠢᠵᠠ ︕

ᠨᠠᠢ᠌ᠰᠯᠠᠯ ᠪᠠᠭᠡᠵᠢᠩ ᠳᠤ ᠬᠠᠪᠣᠷᠵᠢᠭᠰᠠᠨ ᠬᠤᠪᠣᠷᠬᠠᠨ ᠵᠠᠪᠰᠢᠶᠠᠨ ᠶᠢᠡᠷ ᠳᠠᠭᠤᠳᠠᠭᠠᠴᠢ·ᠡᠩᠭᠡᠭᠡᠳᠡ ᠶᠢᠨ ᠶᠢᠡᠨ ᠭᠦᠭ᠍ᠵᠢᠯᠳᠡᠢ ᠴᠠᠢ᠌ᠯᠭᠠᠨ ᠢᠨᠢᠶᠠᠳᠤᠨ ᠳᠤ ᠪᠠᠶᠠᠰᠤᠨ᠂ ᠰᠢᠯᠦᠭ᠌ ᠢ ᠨᠢ ᠴᠡᠭᠡᠵᠢᠯᠡᠵᠤ᠂ ᠪᠠᠰᠠ ᠳᠡᠷᠡᠯᠡᠭᠡᠤᠨ ᠣᠠᠳᠠᠵᠤ ᠵᠡᠭᠦᠳᠦᠯᠡᠵᠤ ᠪᠠᠢ᠌ᠭᠠᠤᠨ ᠨᠢᠭᠡ ᠬᠠᠪᠣᠷ ᠢ ᠪᠠᠷᠠᠭᠠᠯ᠎ᠠ᠃ ᠥᠵᠡᠭ᠍ᠰᠡᠨ ᠰᠤᠨᠢᠷᠬᠠᠭᠰᠠᠨ ᠵᠤᠬᠢᠶᠠᠯ ᠪᠣᠯᠭᠠᠨ ᠳᠠᠭᠠᠨ ᠳᠦᠷᠦᠭ᠍ᠳᠡᠯ ᠡᠨᠡ ᠳᠠᠷᠠ ᠪᠠᠨ ᠪᠢᠴᠢᠨ ᠵᠥᠩᠳᠡᠭᠡᠨ ᠮᠠᠭᠳᠠᠵᠤ ᠮᠢᠯᠢᠶᠠᠬᠤ ᠳᠤᠷ᠎ᠠ ᠦᠭᠡᠶ ᠴᠤ ᠰᠠᠨᠠᠭᠠᠨ ᠳᠤ ᠳᠤᠭᠳᠠᠭᠰᠠᠨ ᠰᠠᠢ᠌ᠨ ᠵᠤᠬᠢᠶᠠᠯ ᠳᠤ ᠪᠠᠨ ᠨᠢᠭᠡ ᠶᠠᠭᠤᠮ᠎ᠠ ᠪᠢᠴᠢᠯ ᠦᠭᠡᠶ ᠵᠥᠭᠡᠷ ᠣᠷᠭᠢᠵᠤ ᠴᠢᠳᠠᠳᠠᠭ ᠦᠭᠡᠶ ᠨᠢ ᠮᠢᠨᠤ ᠡᠪᠠᠦᠡᠴᠢᠨ᠃ ᠰᠦᠯᠵᠢᠶᠠᠨ ᠤ ᠣᠷᠠᠨ ᠵᠤᠬᠢᠶᠠᠯ ᠮᠠᠰᠢ ᠭᠦᠭ᠍ᠵᠢᠶᠡᠨ ᠲᠡᠢ ᠦᠷᠨᠢᠵᠤ ᠪᠠᠢ᠌ᠭ᠎ᠠ ᠦᠨᠦᠳᠤᠷ᠂ ᠭᠡᠨ ᠨᠢᠭᠡᠨ ᠤ ᠪᠠᠨ ᠵᠤᠬᠢᠶᠠᠯ ᠢ ᠠᠪᠤᠨ ᠳᠤᠤᠷ᠎ᠠ ᠦᠨᠡᠯᠠᠨ ᠡᠷᠭᠦᠭᠦ᠂ ᠪᠢᠯᠠᠭᠤᠷᠳᠠᠨ ᠰᠠᠢ᠌ᠮᠰᠤᠷᠠᠬᠤ ᠶᠠᠩᠵᠤ ᠶᠢᠨ ᠥᠵᠡᠭ᠍ᠳᠡᠯ ᠣᠷᠤᠰᠢᠭᠰᠠᠭᠠᠷ ᠪᠣᠢ᠃ ᠮᠠᠭᠤ ᠵᠤᠬᠢᠶᠠᠯ ᠢ ᠳᠡᠭ᠍ᠷᠢ ᠳᠤ ᠭᠠᠷᠳᠠᠯ᠎ᠠ ᠮᠠᠭᠳᠠᠯ᠎ᠠ ᠭᠡᠤᠨ ᠳᠠᠷᠠ᠂ ᠰᠠᠢ᠌ᠨ ᠵᠤᠬᠢᠶᠠᠯ ᠢ ᠭᠠᠵᠠᠷ ᠲᠤ ᠣᠷᠤᠳᠠᠯ᠎ᠠ ᠳᠠᠷᠤᠯ᠎ᠠ ᠭᠡᠤᠨ ᠮᠦᠨ ᠳᠠᠷᠠ ᠯᠠ ᠪᠢᠵᠠ᠃ ᠣᠷᠠᠨ ᠵᠤᠬᠢᠶᠠᠯ ᠤᠨ ᠵᠢᠩᠭᠢᠨᠢ ᠥᠨᠡᠯᠡᠭ᠍ᠴᠢ ᠰᠢᠷᠡᠭᠡᠨ ᠠᠷᠤ ᠳᠤ ᠵᠠᠯᠠᠷᠠᠭ᠎ᠠ ᠳᠠᠷᠠ ᠭᠡᠳᠤᠨ ᠭᠢᠨᠠᠭᠴᠢ ᠪᠢᠰᠢ᠂ ᠬᠠᠷᠢᠨ ᠦᠢ᠌ ᠲᠦᠮᠡᠨ ᠣᠩᠰᠢᠭᠴᠢᠳ ᠪᠠᠢ᠌ᠬᠤ ᠶᠤᠰᠤᠳᠠᠢ ︕ ᠦᠢ᠌ ᠲᠦᠮᠡᠨ ᠣᠩᠰᠢᠭᠴᠢᠳ ᠤᠨ ᠶᠢᠡᠨ ᠰᠠᠤᠠᠭᠢᠯ ᠳᠤ ᠭᠦᠷᠭᠦ ᠴᠢᠨᠠᠷᠯᠢᠭ ᠪᠦᠳᠦᠭᠡᠯ ᠣᠷᠤᠯᠳᠤᠵᠤ ᠪᠠᠢ᠌ᠪᠠᠯ ᠪᠣᠯᠵᠤ ᠪᠠᠢ᠌ᠬᠤ ᠨᠢ ᠳᠠᠷᠠ᠃ ᠡᠩᠭᠡᠭᠡᠳᠡ ᠶᠢᠨ ᠪᠢᠴᠢᠭ᠍ᠰᠡᠨ ᠰᠢᠯᠦᠭ᠌ ᠪᠦᠭᠦᠨ ᠣᠩᠰᠢᠭᠴᠢᠳ ᠤᠨ ᠰᠠᠤᠠᠭᠢᠯ ᠳᠤ ᠭᠦᠷᠤᠨ᠎ᠡ ᠭᠡᠤᠨ ᠪᠢ ᠭᠡᠯᠡᠵᠤ ᠴᠢᠳᠠᠬᠤ ᠦᠭᠡᠶ᠃ ᠭᠡᠪᠠᠴᠤ ᠳᠡᠭᠦᠨ ᠤ ᠰᠢᠯᠦᠭ᠌ ᠢ ᠰᠤᠨᠢᠷᠬᠠᠭᠴᠢᠳ ᠵᠤᠭᠢᠬᠤ ᠣᠶᠤᠨ ᠤ ᠰᠢᠮ᠎ᠠ᠂ ᠪᠢᠯᠢᠭ᠌ ᠤᠨ ᠳᠡᠵᠢᠭᠡᠯ ᠭᠦᠷᠳᠡᠨ᠎ᠡ ᠭᠡᠳᠡᠭ᠌ ᠲᠤ ᠢᠳᠡᠭᠡᠨ᠎ᠡ᠃ ᠦᠨᠦ ᠶᠠᠭ ᠳᠦᠴᠢᠨ ᠨᠠᠰᠤᠨ ᠤ ᠪᠠᠨ ᠳᠦᠷᠦᠭᠡᠨ ᠳᠡᠭᠡᠷ᠎ᠡ ᠣᠯᠵᠠ ᠣᠮᠤᠭ ᠲᠡᠶ ᠭᠢᠯᠠᠷᠠᠵᠤ ᠶᠠᠪᠣᠭ᠎ᠠ ᠳᠡᠭᠦᠨ ᠤ ᠭᠠᠷ ᠡᠴᠡ ᠨᠠᠩ ᠴᠢᠨᠠᠷᠯᠢᠭ ᠪᠦᠳᠦᠭᠡᠯ ᠣᠠᠳᠤᠷᠤᠨ᠎ᠠ ᠭᠡᠳᠡᠭ᠌ ᠲᠤ ᠪᠠᠯᠭᠡᠰᠢᠶᠡᠨ ᠳᠤᠰ ᠪᠢᠴᠢᠯᠭᠡ ᠪᠠᠨ ᠦᠨᠳᠦᠷᠯᠠᠶ᠎ᠠ ︕


《ᠠᠯᠳᠠᠨ ᠳᠦᠯᠭᠢᠭᠦᠷ》 ᠰᠡᠳᠭᠦᠯ ᠤᠨ 2012 ᠣᠨ ᠤ 2 ᠳ᠋ᠤᠭᠠᠷ ᠡᠴᠡ ᠰᠢᠯᠵᠢᠭᠦᠯᠪᠡ᠃

ᠵᠤᠬᠢᠶᠠᠭᠴᠢ ᠶᠢᠨ ᠬᠠᠶ‍ᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠰᠤᠷᠭᠠᠭᠤᠯᠢ


ᠵᠤᠬᠢᠶᠠᠭᠴᠢ᠄ ᠯ·ᠤᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 64728
ᠴᠠᠭ᠄ 2012 ᠤᠨ ᠤ 05 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ