☆ ᠮᠠᠠᠳᠠᠷᠸ᠎ᠠ
ᠪᠠᠭᠠᠷᠢᠨ ᠨᠤᠳᠤᠭ ᠤᠨ ᠳᠤᠷᠠᠰᠤᠮᠵᠢ
ᠮᠠᠨᠠᠨ ᠤ ᠶᠡᠭᠡ ᠳᠠᠯ᠎ᠠ ᠳᠤ ᠳᠦᠭᠡᠷᠢᠵᠤ
ᠦᠷᠦᠭᠡᠯ ᠤᠨ ᠨᠤᠳᠤᠭ ᠲᠤ ᠦᠨᠦᠴᠢᠷᠠᠨ ᠶᠠᠪᠣᠬᠤ ᠳᠤ ᠪᠠᠨ
ᠦᠨᠢ ᠮᠥᠩᠭᠡ ᠶᠢᠨ ᠡᠭᠡ ᠣᠷᠤᠨ
ᠦᠪᠡᠷ ᠤᠨ ᠵᠠᠶᠠᠭᠠᠭᠰᠠᠨ ᠨᠤᠳᠤᠭ ᠪᠠᠭᠠᠷᠢᠨ ᠶᠢᠡᠨ ᠰᠠᠨᠠᠭᠠᠯᠵᠠᠨ᠎ᠠ᠃
ᠦᠨᠳᠦᠷ ᠠᠰᠠᠷ ᠤᠨ ᠪᠣᠯᠤᠩ ᠳᠤ ᠵᠠᠯᠠᠷᠠᠬᠤ ᠳ᠋ᠤ
ᠥᠰᠦᠭᠡᠢ ᠭᠡᠷ ᠤᠨ ᠮᠢᠨᠢ ᠬᠣᠢ᠌ᠮᠤᠷ ᠰᠠᠨᠠᠭᠳᠠᠭᠠᠤᠨ ᠪᠠᠢ᠌ᠨ᠎ᠠ᠂
ᠦᠷᠭᠡᠨ ᠵᠠᠮ ᠤᠨ ᠬᠠᠵᠠᠭᠤ ᠪᠠᠷ ᠶᠠᠪᠣᠬᠤ ᠳ᠋ᠤ
ᠦᠵᠡᠮᠵᠢᠳᠤ ᠳᠠᠯ᠎ᠠ ᠶᠢᠨ ᠮᠢᠨᠢ ᠦᠨᠦᠷ ᠠᠩᠭᠢᠯᠤᠭᠠᠤᠨ ᠪᠠᠢ᠌ᠨ᠎ᠠ᠂
ᠬᠠᠪᠣᠷ ᠤᠨ ᠣᠷᠳᠤ ᠡᠳᠦᠷ ᠤᠳ ᠲᠤ ᠵᠡᠭᠦᠷᠮᠡᠭᠯᠡᠵᠤ ᠰᠠᠭᠤᠬᠤ ᠳ᠋ᠤ
ᠨᠠᠮᠤᠷ ᠤᠨ ᠰᠠᠷ᠎ᠠ ᠳᠤ ᠨᠤᠳᠤᠭ ᠡᠴᠠ ᠪᠠᠨ ᠰᠠᠯᠤᠭᠰᠠ ᠮᠢᠨᠢ ᠪᠣᠳᠤᠭᠳᠠᠭᠠᠤᠨ ᠪᠠᠢ᠌ᠨ᠎ᠠ᠃
ᠳᠡᠭ᠍ᠷᠢ ᠪᠣᠷᠤᠭᠠᠯᠠᠬᠤ ᠭᠡᠮᠡᠨ ᠪᠦᠷᠭᠦᠢᠭ᠍ᠰᠡᠨ ᠪᠠᠢ᠌ᠯ᠎ᠠ
ᠳᠠᠷᠠ ᠡᠳᠦᠷ ᠪᠢ ᠨᠤᠳᠤᠭ ᠡᠴᠠ ᠪᠠᠨ ᠠᠶᠠᠷᠯᠠᠭᠰᠠᠨ ᠪᠢᠯᠠ᠂
ᠪᠣᠶᠠᠠᠳᠤ ᠮᠠᠯᠴᠢᠨ ᠠᠪᠣ ᠶᠢᠨ ᠮᠢᠨᠢ ᠪᠣᠳᠤᠯ ᠭᠦᠨ ᠪᠠᠢ᠌ᠭᠰᠠᠨ ᠪᠢᠯᠠ᠂
ᠪᠣᠱᠤᠭ᠎ᠠ ᠪᠠᠷ ᠠᠯᠬᠤᠵᠤ ᠭᠠᠷᠬᠤ ᠳᠤ ᠮᠢᠨᠢ
ᠮᠠᠩᠨᠠᠢ ᠳᠡᠭᠡᠷ᠎ᠡ ᠨᠢᠭᠡ ᠥᠨᠦᠰᠦᠭ᠍ᠰᠡᠨ ᠪᠢᠯᠠ᠂
ᠪᠣᠰᠤᠭ᠎ᠠ ᠭᠡᠢ᠌ᠮᠦᠷᠢ ᠲᠡᠶ ᠶᠠᠪᠣᠭᠠᠷᠠᠢ ᠭᠦᠤ ᠮᠢᠨᠢ ᠭᠡᠵᠤ
ᠪᠣᠷᠬᠠᠨ ᠢᠷᠦᠭᠡᠯ ᠶᠢᠡᠨ ᠳᠠᠯᠪᠢᠭᠰᠠᠨ ᠶᠤᠮ ᠪᠢᠯᠠ᠂
ᠪᠠᠭᠠᠷᠢᠨ ᠨᠤᠳᠤᠭ ᠤᠨ ᠮᠢᠨᠢ ᠳᠡᠭ᠍ᠷᠢ
ᠪᠣᠭᠤᠷᠤᠯ ᠠᠪᠣ ᠶᠢᠨ ᠮᠢᠨᠢ ᠴᠢᠷᠠᠢ ᠰᠢᠭ᠌ ᠪᠦᠷᠭᠦᠢᠭ᠍ᠰᠡᠭᠡᠷ
ᠰᠠᠯᠵᠤ ᠨᠠᠮ᠎ᠠ ᠶᠢ ᠣᠳᠬᠤ ᠶᠢᠨ ᠊ᠭ᠍ᠱᠡᠨ᠎ᠡ
ᠰᠠᠴᠤᠯᠢ ᠡᠷᠭᠦᠵᠤ ᠪᠠᠢ᠌ᠭ᠎ᠠ ᠡᠵᠢ ᠶᠢᠨ ᠮᠢᠨᠢ ᠨᠢᠯᠪᠣᠰᠤ ᠰᠢᠭ᠌
ᠱᠠᠭᠠᠭᠢᠭᠠᠤᠨ ᠡᠭᠢᠯᠡᠯ᠎ᠡ᠂ ᠭᠦᠭᠡᠷᠦᠭᠦᠢ︕
ᠠᠩᠬ᠎ᠠ ᠨᠠᠮ᠎ᠠ ᠶᠢ ᠰᠠᠯᠬᠤ ᠦᠶ᠎ᠡ ᠵᠢᠨ
ᠠᠯᠳᠠᠨ ᠰᠢᠷᠭᠠᠯ ᠮᠠᠩᠨᠤᠭ ᠨᠥᠮᠦᠷᠢᠭ᠍ᠰᠡᠨ ᠳᠠᠯ᠎ᠠ ᠮᠢᠨᠢ
ᠣᠳᠤ ᠠᠭᠢᠭᠠᠤᠨ ᠨᠤᠭᠤᠭᠠᠷᠠᠭᠠ ᠪᠣᠯ ᠦᠦ᠂
ᠴᠠᠷᠴᠠᠵᠤ ᠪᠠᠢ᠌ᠭᠰᠠᠨ ᠭᠤᠤᠯ ᠤᠳ ᠮᠢᠨᠢ
ᠣᠳᠤ ᠠᠭᠢᠭᠠᠤᠨ ᠮᠢᠷᠠᠯᠵᠠᠭ᠎ᠠ ᠪᠣᠯ ᠦᠦ᠂
ᠳᠠᠯᠪᠢ ᠪᠠᠨ ᠬᠤᠷᠢᠶᠠᠭᠰᠠᠨ ᠴᠡᠴᠡᠭ᠌ ᠤᠳ ᠮᠢᠨᠢ
ᠣᠳᠤ ᠠᠭᠢᠭᠠᠤᠨ ᠳᠡᠯᠭᠡᠷᠡᠭᠡ ᠪᠣᠯ ᠦᠦ᠂
ᠨᠡᠭᠦᠳᠡᠯᠯᠡᠵᠤ ᠪᠣᠴᠠᠭᠰᠠᠨ ᠰᠢᠪᠠᠭᠤᠳ ᠮᠢᠨᠢ
ᠣᠳᠤ ᠠᠭᠢᠭᠠᠤᠨ ᠢᠷᠡᠭᠡ ᠪᠣᠯ ᠦᠦ᠃
ᠬᠠᠪᠣᠷ ᠤᠨ ᠰᠠᠢ᠌ᠬᠠᠨ ᠡᠳᠦᠷ ᠤᠳ ᠳᠤ
ᠬᠤᠨᠢᠴᠢᠨ ᠪᠣᠭᠤᠷᠤᠯ ᠠᠪᠣ ᠮᠢᠨᠢ
ᠰᠦᠷᠦᠭ᠌ ᠶᠢᠡᠨ ᠬᠠᠷᠢᠭᠤᠯᠵᠤ ᠪᠠᠶᠠᠰᠠᠭᠠ ᠪᠣᠯ ᠦᠦ᠂
ᠰᠠᠭᠠᠯᠢᠴᠢᠨ ᠪᠣᠭᠤᠷᠤᠯ ᠡᠵᠢ ᠮᠢᠨᠢ
ᠳᠤᠭᠤᠯ ᠶᠢᠡᠨ ᠭᠦᠭᠡᠭᠡᠵᠤ ᠶᠠᠪᠣᠭ᠎ᠠ ᠪᠣᠯ ᠦᠦ᠂
ᠠᠳᠤᠭᠤᠴᠢᠨ ᠬᠤᠩᠭ᠋ᠤᠷ ᠠᠬ᠎ᠠ ᠮᠢᠨᠢ
ᠣᠷᠳᠤ ᠶᠢᠨ ᠳᠠᠭᠤᠤ ᠪᠠᠨ ᠠᠶᠠᠯᠠᠭᠤᠯᠵᠤ ᠰᠠᠭᠤᠭ᠎ᠠ ᠪᠣᠯ ᠦᠦ᠂
ᠣᠶᠤᠳᠠᠯᠴᠢᠨ ᠭᠤᠸ᠎ᠠ ᠡᠭᠡᠴᠢ ᠮᠢᠨᠢ
ᠳᠠᠪᠠᠯ ᠶᠢᠡᠨ ᠣᠷᠠᠯᠠᠵᠤ ᠶᠠᠭᠠᠷᠠᠭ᠎ᠠ ᠪᠣᠯ ᠦᠦ᠂
ᠠᠴᠢᠳᠤ ᠣᠯᠠᠨ ᠪᠠᠭᠰᠢ ᠮᠢᠨᠢ
ᠡᠳᠦᠷ ᠤᠨ ᠭᠢᠴᠢᠶᠠᠯ ᠶᠢᠡᠨ ᠵᠢᠭᠠᠭ᠎ᠠ ᠪᠣᠯ ᠦᠦ᠂
ᠠᠶᠠᠨ ᠤ ᠣᠯᠠᠨ ᠠᠠᠳᠠ ᠮᠢᠨᠢ
ᠣᠳᠤ ᠬᠠᠮᠢᠭ᠎ᠠ ᠪᠠᠢ᠌ᠭ᠎ᠠ ᠪᠣᠯ ᠡ᠂
ᠠᠩᠬᠠᠨ ᠤ ᠬᠠᠢ᠌ᠷ᠎ᠠ ᠶᠢ ᠪᠣᠯᠢᠶᠠᠭᠰᠠᠨ ᠵᠠᠯᠠᠭᠤ ᠮᠢᠨᠢ
ᠠᠵᠢᠯ ᠣᠢ᠌ᠯᠠᠰ ᠭᠡᠵᠤ ᠶᠠᠭᠠᠷᠠᠭ᠎ᠠ ᠴᠤ ᠪᠣᠯ ᠦᠦ᠂
ᠠᠯᠢᠶ᠎ᠠ ᠭᠦᠭᠡᠷᠦᠭᠦᠨ ᠳᠡᠭᠦᠤ ᠮᠢᠨᠢ
ᠠᠯᠤᠰ ᠤᠨ ᠭᠦᠰᠡᠯ ᠶᠢᠡᠨ ᠵᠡᠭᠦᠳᠦᠯᠡᠭᠡ ᠴᠤ ᠪᠣᠯ ᠦᠦ᠃
ᠬᠠᠷᠢ ᠨᠤᠳᠤᠭ ᠤᠨ ᠦᠵᠡᠮᠵᠢ ᠭᠤᠶᠤᠬᠠᠨ ᠴᠤ
ᠬᠠᠢ᠌ᠷᠠᠳᠠᠢ ᠨᠤᠳᠤᠭ ᠪᠠᠭᠠᠷᠢᠨ ᠢ ᠮᠠᠨᠢ ᠶᠠᠭᠠᠭᠢᠨ ᠭᠦᠢᠴᠡᠨ᠎ᠡ᠂
ᠰᠠᠷᠢᠳᠠᠭ ᠦᠨᠳᠦᠷ ᠣᠷᠭᠢᠯ ᠤᠳ ᠨᠢ ᠭᠡᠴᠢᠨᠡᠨ ᠰᠦᠷᠯᠢᠭ᠌ ᠴᠤ
ᠰᠠᠢ᠌ᠬᠠᠨ ᠬᠠᠨ ᠢ ᠮᠠᠨᠢ ᠶᠠᠭᠠᠭᠢᠨ ᠭᠦᠷᠤᠨ᠎ᠡ᠂
ᠬᠠᠳᠤᠨ ᠭᠤᠤᠯ ᠤᠨ ᠣᠷᠤᠰᠬᠠᠯ ᠨᠢ ᠭᠡᠴᠢᠨᠡᠨ ᠪᠠᠬᠠᠷᠬᠠᠮ᠎ᠠ ᠴᠤ
ᠴᠠᠭᠠᠠᠮᠦ᠋ᠷᠠᠨ ᠲᠡᠶ ᠮᠠᠨᠢ ᠶᠠᠭᠠᠭᠢᠨ ᠠᠳᠠᠯᠢᠳᠬᠠᠨ᠎ᠠ᠂
ᠦᠵᠡᠮᠵᠢᠳᠤ ᠬᠤᠳᠠ ᠶᠢᠨ ᠵᠡᠭᠡᠯᠢ ᠨᠢ ᠭᠡᠴᠢᠨᠡᠨ ᠠᠭᠤᠳᠠᠮ ᠴᠤ
ᠶᠡᠭᠡ ᠪᠠᠢ᠌ᠰᠢᠩ ᠢ ᠮᠠᠨᠢ ᠶᠠᠭᠠᠭᠢᠨ ᠬᠠᠷᠢᠴᠠᠭᠤᠯᠤᠨ᠎ᠠ᠃
ᠭᠦᠮᠤᠨ ᠤ ᠨᠤᠳᠤᠭ ᠲᠤ ᠭᠠᠭᠴᠠᠭᠠᠷ ᠶᠠᠪᠣᠬᠤ ᠳᠤ ᠪᠠᠨ
ᠭᠦᠴᠦᠳᠤ ᠪᠦᠭᠡᠴᠢᠳ ᠤᠨ ᠨᠤᠳᠤᠭ ᠪᠠᠭᠠᠷᠢᠨ ᠮᠢᠨᠢ ᠵᠡᠭᠦᠳᠦᠯᠡᠭ᠍ᠳᠡᠭᠡᠳ ᠪᠠᠢ᠌ᠨ᠎ᠠ᠂
ᠭᠡᠴᠡᠭᠦᠤ ᠶᠡᠭᠡ ᠠᠮᠢᠳᠤᠷᠠᠯ ᠤᠨ ᠳᠠᠪᠠᠭ᠎ᠠ ᠶᠢ ᠳᠤᠭᠤᠯᠵᠤ ᠶᠠᠪᠣᠬᠤ ᠳᠤ ᠪᠠᠨ
ᠬᠤᠷᠳᠤᠨ ᠭᠦᠯᠦᠭ ᠤᠨ ᠨᠤᠳᠤᠭ ᠪᠠᠭᠠᠷᠢᠨ ᠮᠢᠨᠢ ᠳᠤᠳᠤᠷᠭᠠᠳ ᠪᠠᠢ᠌ᠨ᠎ᠠ᠂
ᠠᠬᠤᠢ ᠶᠡᠭᠡ ᠬᠤᠳᠠᠨ ᠳᠤ ᠠᠯᠵᠢᠶᠠᠵᠤ ᠰᠠᠭᠤᠬᠤ ᠳᠤ ᠪᠠᠨ
ᠠᠭᠤᠤ ᠵᠤᠬᠢᠶᠠᠯᠴᠢᠳ ᠤᠨ ᠥᠯᠦᠭᠡᠢ ᠪᠠᠭᠠᠷᠢᠨ ᠮᠢᠨᠢ ᠳᠤᠷᠠᠰᠤᠭᠳᠠᠭᠠᠤᠨ ᠪᠠᠢ᠌ᠨ᠎ᠠ᠂
ᠠᠵᠢᠯ ᠤᠨ ᠴᠢᠯᠦᠭᠡ ᠪᠠᠷ ᠶᠢᠡᠨ ᠰᠡᠯᠡᠭᠦᠴᠡᠨ ᠰᠠᠭᠤᠬᠤ ᠳᠤ ᠪᠠᠨ
ᠠᠶᠠᠯᠠᠭᠤᠴᠢᠨ ᠳᠠᠭᠤᠴᠢᠳ ᠤᠨ ᠥᠯᠦᠭᠡᠢ ᠪᠠᠭᠠᠷᠢᠨ ᠮᠢᠨᠢ ᠪᠣᠳᠤᠭᠳᠠᠭᠠᠤᠨ ᠪᠠᠢ᠌ᠨ᠎ᠠ᠂
ᠳᠠᠷᠠ ᠣᠯᠠᠨ ᠭᠡᠯᠡᠳᠡᠨ ᠤ ᠳᠤᠮᠳᠠ ᠳᠠᠮᠠᠴᠠᠵᠤ ᠶᠠᠪᠣᠬᠤ ᠳᠤ ᠪᠠᠨ
ᠳᠡᠭ᠍ᠷᠢ ᠶᠢᠨ ᠴᠢᠯᠠᠭᠤᠳ ᠤᠨ ᠰᠠᠭᠤᠷᠢᠨ ᠪᠠᠭᠠᠷᠢᠨ ᠮᠢᠨᠢ ᠰᠠᠨᠠᠭᠳᠠᠭᠠᠤᠨ ᠪᠠᠢ᠌ᠨ᠎ᠠ᠂
ᠳᠡᠭ᠍ᠷᠢᠯᠢᠭ᠌ ᠪᠣᠰᠤᠭ᠎ᠠ ᠮᠤᠩᠭ᠋ᠤᠯ ᠳᠠᠭᠠᠨ ᠣᠮᠤᠷᠬᠠᠵᠤ ᠰᠠᠭᠤᠬᠤ ᠳᠤ ᠪᠠᠨ
ᠳᠡᠦᠭᠡᠨ ᠡᠴᠠ ᠣᠳᠤᠮᠳᠠᠢ ᠪᠠᠭᠠᠷᠢᠨ ᠶᠢᠡᠨ ᠳᠤᠷᠠᠰᠠᠬᠤ ᠦᠭᠡᠶ ᠪᠠᠢ᠌ᠬᠤ ᠶᠢᠨ ᠠᠷᠭ᠎ᠠ ᠦᠭᠡᠶ᠃
ᠵᠤᠬᠢᠶᠠᠭᠴᠢ ᠶᠢᠨ ᠬᠠᠶᠢᠭ ᠄ ᠪᠠᠷᠠᠭᠤᠨ ᠬᠣᠢ᠌ᠳᠤ ᠶᠢᠨ ᠪᠠᠭᠰᠢ ᠵᠢᠨ ᠶᠡᠭᠡ ᠰᠤᠷᠭᠠᠭᠤᠯᠢ ᠶᠢᠨ 2010 ᠣᠨ ᠤ ᠰᠤᠨᠢᠨ ᠮᠡᠳᠡᠭᠡᠨ ᠤᠨ ᠰᠠᠯᠪᠣᠷᠢ
ᠵᠤᠬᠢᠶᠠᠭᠴᠢ᠄ ᠮᠠᠠᠳᠠᠷᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2011 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ