ᠨᠡᠪᠲᠡᠷᠡᠨ ᠤᠷᠤᠬᠤ
ᠢᠨᠠᠭ ᠤᠨ ᠡᠷᠡᠮᠵᠡᠯᠡᠯ

ᠡᠨᠡ ᠰᠢᠯᠦᠭ᠌ ᠶᠢᠡᠨ ᠪᠢ ᠦᠨᠡᠨ ᠰᠡᠳᠭᠢᠯ ᠡᠴᠡ ᠪᠠᠨ ᠪᠢᠴᠢᠯ᠎ᠠ

ᠡᠷᠢᠯ ᠭᠦᠰᠡᠯ ᠤᠨ ᠳᠤᠭᠳᠤᠯᠤᠯ ᠶᠢᠡᠨ ᠳᠠᠷᠤᠨ ᠪᠠᠢ᠌ᠵᠤ ᠪᠢᠴᠢᠯ᠎ᠠ᠃


ᠬᠤᠯᠠ ᠭᠠᠵᠠᠷ ᠰᠤᠷᠬᠤ ᠪᠠᠷ ᠶᠠᠪᠣᠭᠴᠢ ᠳᠤ

ᠬᠤᠷᠭᠤᠳᠤᠨ ᠭᠤᠨᠢᠭᠯᠠᠬᠤ ᠰᠡᠳᠭᠢᠯ ᠤᠨ ᠦᠴᠢᠭ᠌ ᠣᠯᠠᠨ

ᠠᠪᠣ ᠡᠵᠢ᠂ ᠠᠬ᠎ᠠ ᠳᠡᠭᠦᠤ᠂ ᠨᠠᠢ᠌ᠵᠠ ᠨᠡᠷ ᠲᠡᠶ ᠪᠠᠨ

ᠠᠶᠠᠯᠳᠠᠨ ᠴᠡᠩᠭᠡᠭᠦ ᠵᠢᠷᠭᠠᠯᠳᠤ ᠡᠳᠦᠷ ᠨᠢ ᠴᠥᠭᠡᠨ


ᠬᠤᠷᠢᠨ ᠨᠠᠰᠤᠨ ᠤ ᠬᠠᠩᠬᠤᠯᠤᠮ᠎ᠠ ᠵᠠᠯᠠᠭᠤ ᠴᠠᠭ ᠲᠤ

ᠬᠠᠢ᠌ᠷ᠎ᠠ ᠢᠨᠠᠭ ᠤᠨ ᠬᠠᠯᠠᠭᠤᠨ ᠪᠦᠪᠠᠢ᠌ᠯᠠᠯ ᠢ ᠭᠦᠰᠡᠭᠦ ᠴᠤ

ᠬᠠᠷᠢ ᠨᠤᠳᠤᠭ ᠤᠨ ᠭᠠᠩᠭ᠋ᠠᠩ ᠴᠤᠪᠣᠭᠤ ᠭᠡᠦᠭᠡᠡᠴᠦᠳ  

ᠬᠤᠭᠤᠰᠤᠳᠠᠭᠰᠠᠨ ᠰᠡᠳᠭᠢᠯ ᠤᠨ ᠭᠠᠩᠳᠠᠭᠰᠠᠨ ᠵᠢᠷᠦᠭᠡ ᠶᠢ ᠣᠮᠳᠠᠯᠠᠬᠤ ᠦᠭᠡᠶ᠃


ᠲ᠋ᠠᠯ᠎ᠠ ᠳᠤ ᠳᠡᠭᠦᠯᠢᠭᠦ ᠭᠡᠨᠡᠨ ᠠᠯᠢᠶ᠎ᠠ ᠬᠠᠷᠴᠠᠭᠠᠢ

ᠳᠠᠷᠢᠶᠠᠨ ᠳᠤ ᠵᠢᠷᠭᠢᠭᠦ ᠭᠦᠭᠡᠷᠦᠭᠦᠨ ᠪᠣᠯᠵᠤᠮᠤᠷ ᠢ ᠳᠤᠭᠤᠬᠤ ᠦᠭᠡᠶ

ᠬᠠᠨ ᠳᠡᠭ᠍ᠷᠢ ᠳᠤ ᠬᠠᠮᠳᠤ ᠳᠤ ᠪᠠᠨ ᠳᠡᠭᠦᠯᠢᠭᠦ ᠵᠠᠶᠠᠭ᠎ᠠ ᠪᠠᠨ

ᠬᠠᠷᠢ ᠶᠢᠨ ᠪᠢᠰᠢ᠂ ᠢᠵᠢᠯ ᠶᠠᠰᠤᠳᠠᠨ ᠲᠡᠶ ᠪᠠᠨ ᠬᠤᠯᠪᠣᠶ᠎ᠠ᠃


ᠲᠦᠯ ᠶᠢᠡᠨ ᠭᠤᠯᠤᠭᠰᠠᠨ ᠳᠡᠩᠭᠡᠷᠤ ᠵᠦᠷᠢᠭᠦᠤ ᠬᠤᠨᠢ

ᠳᠤᠭᠢ ᠬᠤᠨᠢᠴᠢᠨ ᠤ ᠪᠦᠪᠠᠢ ᠶᠢᠨ ᠠᠶᠠᠯᠭᠤᠨ ᠳᠤ ᠣᠶᠠᠷᠠᠨ᠎ᠠ

ᠳᠦᠭᠦᠰᠢ ᠬᠠᠳᠠᠭᠤ ᠳᠡᠨᠡᠭᠯᠢᠭ᠌ ᠭᠦᠤ ᠶᠢᠨ ᠰᠡᠳᠭᠢᠯ

ᠳᠤᠩᠭ᠋ᠠᠯᠠᠭ ᠠᠷᠢᠭᠤᠨ ᠮᠤᠩᠭ᠋ᠤᠯ ᠪᠦᠰᠡᠭᠦᠢ ᠶᠢᠨ ᠬᠠᠷᠠᠴᠠᠨ ᠳᠤ ᠳᠤᠭᠳᠤᠯᠤᠨ᠎ᠠ᠃


ᠭᠦᠭᠡᠷᠦᠭᠦᠢ ᠮᠢᠨᠤ ᠪᠠᠶ᠎ᠠ ᠰᠡᠳᠭᠢᠯ ᠬᠤᠶᠠᠷ ᠢ

ᠬᠠᠷᠴᠠᠭᠠᠢ᠂ ᠬᠤᠨᠢ ᠪᠠᠷ ᠬᠠᠪᠣᠯᠢᠭ ᠣᠨᠤᠭᠠᠬᠤ ᠶᠢ ᠭᠢᠴᠢᠶᠠᠪᠠᠴᠤ

ᠬᠠᠢ᠌ᠷᠠᠨ ᠰᠡᠳᠭᠢᠯ ᠤᠨ ᠢᠨᠠᠭ ᠤᠨ ᠳᠤᠬᠠᠢ ᠪᠣᠳᠤᠯ ᠢ

ᠬᠤᠶᠠᠷᠬᠠᠨ ᠪᠠᠳᠠᠭ ᠲᠤ ᠭᠡᠷᠭᠢᠨ ᠳᠤᠭᠠᠴᠢᠵᠤ ᠪᠠᠷᠠᠨᠠᠮ᠃


ᠬᠠᠷᠢ ᠭᠠᠵᠠᠷ ᠡᠷᠳᠡᠮ ᠭᠢᠴᠢᠶᠠᠯ ᠤᠨ ᠵᠠᠮ ᠳᠤ

ᠬᠠᠨᠢᠰᠠᠨ ᠶᠠᠪᠣᠬᠤ ᠬᠠᠢ᠌ᠷᠠᠳᠤ ᠪᠦᠰᠡᠭᠦᠢ ᠶᠢ ᠮᠦᠷᠦᠭᠡᠳᠦᠨ᠎ᠡ

ᠬᠠᠳᠠᠭᠰᠠᠨ ᠣᠷᠤᠭᠤᠯ᠂ ᠭᠦᠷᠦᠭ᠍ᠰᠡᠨ ᠰᠡᠳᠭᠢᠯ ᠢ ᠢᠪᠢᠯᠢᠭᠦ

ᠬᠤᠩᠭ᠋ᠤᠷ ᠷᠤᠮᠠᠠᠲ᠋ᠢᠭ ᠮᠤᠩᠭ᠋ᠤᠯ ᠢᠨᠠᠭ ᠢ ᠭᠦᠰᠡᠨ᠎ᠡ᠃


ᠮᠤᠩᠭ᠋ᠤᠯ ᠢᠨᠠᠭ᠂ ᠮᠤᠩᠭ᠋ᠤᠯ ᠪᠦᠰᠡᠭᠦᠢ

ᠮᠢᠨᠤ ᠵᠢᠷᠦᠭᠡᠨ ᠡᠴᠡ ᠮᠦᠴᠡ ᠴᠤ ᠰᠠᠯᠬᠤ ᠦᠭᠡᠶ

ᠮᠥᠩᠭᠦᠨ ᠰᠠᠷᠠᠨ ᠤ ᠵᠥᠭᠡᠯᠡᠨ ᠳᠤᠶᠠᠭᠠᠨ ᠤ ᠢᠯᠪᠢᠯᠳᠠ ᠳᠤ

ᠮᠦᠷᠤ ᠵᠡᠷᠭᠡᠴᠡᠨ ᠵᠤᠭᠠᠯᠠᠬᠤ ᠨᠥᠭᠦᠷ ᠢ ᠡᠷᠢᠨᠡᠮ᠃


ᠭᠠᠩᠭ᠋ᠠᠩ ᠵᠠᠯᠠᠭᠤ ᠨᠠᠰᠤᠨ ᠤ

ᠭᠠᠯ ᠴᠠᠭᠢᠯᠭᠠᠨ ᠮᠠᠳᠤ ᠬᠠᠢ᠌ᠷ᠎ᠠ ᠪᠠᠨ

ᠭᠠᠭᠴᠠᠬᠠᠨ ᠴᠢᠮ᠎ᠠ ᠳᠤ ᠪᠠᠨ

ᠮᠤᠩᠭ᠋ᠤᠯ ᠪᠦᠰᠡᠭᠦᠢ᠂ ᠴᠢᠮ᠎ᠠ ᠳᠤ ᠪᠠᠨ ᠦᠭ‍ᠭᠦᠶ᠎ᠡ᠃


ᠦᠪᠡᠷ ᠤᠨ ᠨᠤᠳᠤᠭ ᠤᠨ ᠦᠨᠢᠷ ᠳᠠᠯ᠎ᠠ ᠳᠤ ᠪᠢᠰᠢ ᠴᠤ

ᠦᠨᠡᠨ ᠬᠠᠢ᠌ᠷ᠎ᠠ ᠶᠢᠨ ᠢᠨᠠᠭ ᠤᠨ ᠴᠦᠮ᠎ᠡ ᠳᠤ

ᠦᠨᠢ ᠮᠦᠩᠭᠡ ᠶᠢᠨ ᠢᠳᠡᠭᠡᠯ ᠭᠦᠴᠤᠨ ᠳᠤ

ᠬᠤᠶᠠᠭᠤᠯᠠ ᠪᠢᠳᠠᠨ ᠤ ᠬᠠᠢ᠌ᠷ᠎ᠠ ᠶᠢᠨ ᠬᠤᠷᠸ᠎ᠠ ᠬᠠᠮᠤᠭ

ᠡᠴᠡ ᠳᠤᠯᠠᠭᠠᠬᠠᠨ ᠭᠡᠵᠤ ᠢᠳᠡᠭᠡᠷᠡᠢ᠃


ᠭᠠᠷ ᠣᠳᠠᠰᠤ᠂ ᠰᠦᠯᠵᠢᠶ᠎ᠠ ᠬᠠᠷᠢᠯᠴᠠᠭ᠎ᠠ ᠪᠠᠷ

ᠭᠠᠯᠠᠯᠠᠭᠠᠤᠨ᠂ ᠮᠢᠨᠤ ᠵᠥᠭ᠌᠂ ᠰᠢᠷᠦᠭᠦᠨ ᠰᠢᠭ᠌

ᠭᠠᠭᠴᠠ ᠭᠦᠮᠤᠨ ᠤ ᠠᠶᠠᠨ ᠳᠤ ᠣᠢ᠌ᠳᠤᠭᠰᠠᠨ ᠴᠢᠨᠤ ᠰᠡᠳᠭᠢᠯ

ᠮᠤᠷᠳᠠᠭᠠᠤᠨ᠂ ᠮᠢᠨᠤ ᠵᠥᠭ᠌᠂ ᠳᠠᠰᠢᠭᠤᠷ ᠨᠡᠮᠡᠭᠡᠳ᠃


ᠭᠦᠢᠯᠡᠰᠤᠨ ᠮᠤᠳᠤᠨ ᠳᠤ ᠳᠡᠭᠦᠵᠢᠯᠡᠭ᠍ᠰᠡᠨ ᠵᠢᠮᠢᠰ ᠢ

ᠭᠠᠷ ᠶᠢᠡᠷ ᠳᠠᠰᠤᠳᠠᠨ᠂ ᠠᠮᠰᠠᠬᠤ ᠡᠴᠡ ᠨᠠᠭᠠᠰᠢ

ᠭᠠᠰᠢᠭᠤᠨ ᠪᠣᠶᠤ ᠳᠠᠰᠢᠭᠤᠨ ᠡᠰᠡᠭᠦ ᠶᠢ

ᠭᠠᠳᠠᠷᠯᠠᠵᠤ ᠶᠠᠭᠠᠭᠢᠵᠤ ᠮᠠᠳᠠᠨ᠎ᠠ ᠳᠠ᠃


ᠭᠠᠷ ᠤᠨ ᠬᠠᠵᠠᠭᠤᠳᠠ ᠣᠳᠠᠰᠤ ᠳᠦᠲᠡ

ᠬᠤᠷᠤᠭᠤᠨ ᠤ ᠥᠵᠦᠭᠦᠷ ᠲᠤ ᠺᠤᠮᠫᠢᠦ᠋ᠲ᠋ᠧᠷ ᠤᠢ᠌ᠷ᠎ᠡ

ᠶᠠᠮᠠᠷ ᠨᠢᠭᠡ ᠳᠡᠨᠡᠭ᠌ ᠠᠮᠢᠳᠠᠨ ᠪᠣᠯ ᠭᠡᠵᠤ

ᠶᠠᠯᠢᠮ ᠦᠭᠡᠶ ᠨᠢᠭᠡ ᠬᠠᠷᠢᠯᠴᠠᠵᠤ ᠦᠵᠡᠨᠡᠤ ︖


ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠰᠦᠷᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12559
ᠴᠠᠭ᠄ 2011 ᠤᠨ ᠤ 08 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ