☆ ᠪᠣᠷᠵᠢᠭᠢᠨ·ᠴᠡᠩᠭᠡᠷ ᠡᠪᠠᠰᠤ
ᠰᠡᠳᠭᠢᠯ ᠳᠤ ᠮᠥᠩᠭᠡᠷᠡᠭ᠍ᠰᠡᠨ ᠠᠷᠠᠤᠨ ᠤᠨ ᠳᠠᠭᠤᠤ
ᠪᠢ ᠳᠠᠷᠠ ᠣᠷᠤᠢ ᠪᠠᠢ᠌ᠷᠢ ᠳᠤ ᠪᠠᠨ ᠨᠤᠮ ᠥᠵᠡᠭᠡᠳ ᠨᠢᠳᠤ ᠴᠢᠯᠡᠭ᠍ᠰᠡᠨ ᠪᠣᠯᠬᠤᠷ ᠳᠠᠷᠢᠭᠢ ᠪᠠᠨ ᠠᠮᠠᠷᠠᠭᠤᠯᠵᠤ᠂ ᠴᠢᠯᠡᠭᠡ ᠪᠠᠨ ᠳᠠᠢ᠌ᠯᠠᠬᠤ ᠪᠠᠷ ᠰᠢᠨᠡᠭᠡᠨ ᠠᠪᠣᠭᠰᠠᠨ ᠷᠠᠳᠢᠤ᠋ ᠪᠠᠨ ᠨᠡᠭᠡᠭᠡᠭᠦ ᠳᠤ ᠮᠤᠩᠭ᠋ᠤᠯ ᠷᠠᠳᠢᠤ᠋ ᠮᠠᠨᠢ ᠬᠠᠷᠢᠨ ᠭᠦᠮᠤᠨ ᠠᠷᠠᠤᠨ ᠤᠨ ᠰᠡᠳᠭᠢᠯ ᠳᠤ ᠮᠥᠩᠭᠡᠷᠡᠭ᠍ᠰᠡᠨ ᠠᠷᠠᠤᠨ ᠤᠨ ᠳᠠᠭᠤᠴᠢᠨ ᠴᠠᠭᠠᠠᠪᠠᠷᠰ ᠤᠨ ᠳᠠᠭᠤᠤ ᠡᠴᠡ ᠨᠡᠪᠳᠡᠷᠡᠭᠦᠯᠵᠤ ᠪᠠᠢ᠌ᠯ᠎ᠠ᠃ ᠬᠠᠷᠠᠬᠠᠨ ᠪᠠᠭ᠎ᠠ ᠡᠴᠡ ᠪᠠᠨ ᠬᠤᠷᠴᠢᠨ ᠠᠷᠠᠤᠨ ᠤᠨ ᠳᠠᠭᠤᠤ ᠶᠢᠨ ᠪᠦᠪᠠᠢ ᠳᠤ ᠦᠰᠴᠦ ᠳᠤᠷᠨᠢᠭᠰᠠᠨ ᠪᠢ᠂ ᠠᠷᠠᠤᠨ ᠤᠨ ᠳᠠᠭᠤᠤ ᠳᠤ ᠶᠠᠭᠠᠭᠢᠨ ᠠᠷᠭ᠎ᠠ ᠦᠭᠡᠶ ᠬᠠᠢ᠌ᠷᠠᠳᠠᠢ ᠪᠠᠬᠠᠳᠠᠢ ᠪᠣᠯᠬᠤᠷ ᠳᠡᠷᠡᠭᠡᠨ ᠵᠠᠭᠤᠷ᠎ᠠ ᠰᠡᠳᠭᠢᠯ ᠮᠢᠨᠢ ᠳᠠᠭᠤᠤ ᠳᠤ ᠰᠢᠩᠭᠡᠯ᠎ᠡ᠃ ᠳᠠᠷᠠ ᠣᠷᠤᠢ ᠪᠢ ᠮᠤᠩᠭ᠋ᠤᠯ ᠷᠠᠳᠢᠤ᠋ ᠶᠢᠨ ᠠᠷᠠᠤᠨ ᠤᠨ ᠳᠠᠭᠤᠤ ᠶᠢᠨ ᠨᠡᠪᠳᠡᠷᠡᠭᠦᠯᠭᠡ ᠶᠢ ᠰᠤᠨᠤᠰᠴᠤ ᠳᠠᠭᠤᠰᠬᠠᠪᠠ᠃ ᠠᠯᠳᠠᠷᠳᠤ ᠠᠷᠠᠤᠨ ᠤᠨ ᠳᠠᠭᠤᠴᠢᠨ ᠴᠠᠭᠠᠠᠪᠠᠷᠰ᠂ ᠪᠠᠭ᠎ᠠ ᠪᠦᠷᠢᠡᠪᠠᠶᠡᠷ᠂ ᠪᠠᠮᠪᠠᠷ ᠨᠡᠷ ᠤᠨ ᠰᠤᠩᠭ᠋ᠤᠳᠠᠭ ᠳᠠᠭᠤᠨ ᠤ ᠪᠦᠳᠦᠭᠡᠯ ᠡᠴᠡ ᠬᠣᠢ᠌ᠨ᠎ᠠ ᠬᠣᠢ᠌ᠨ᠎ᠠ ᠡᠴᠡ ᠨᠢ ᠨᠡᠪᠳᠡᠷᠡᠭᠦᠯᠵᠤ ᠭᠠᠷᠤᠯ᠎ᠠ᠃
ᠣᠯᠠᠨ ᠵᠢᠯ ᠰᠤᠷᠤᠯᠭ᠎ᠠ ᠰᠤᠶᠤᠯ ᠤᠨ ᠮᠦᠷ ᠭᠦᠭᠡᠭᠡᠵᠤ ᠭᠠᠳᠠᠭᠰᠢ ᠶᠠᠪᠣᠵᠤ᠂ ᠶᠠᠳᠠᠷᠠᠯᠳᠠᠢ ᠶᠠᠭᠠᠷᠠᠤ ᠰᠤᠷᠤᠯᠭ᠎ᠠ ᠶᠢᠨ ᠬᠤᠭᠤᠴᠠᠭ᠎ᠠ ᠶᠢ ᠥᠩᠭᠡᠷᠡᠭᠡᠭᠦ ᠳᠤ ᠪᠠᠨ ᠪᠠᠭ᠎ᠠ ᠶᠢᠨ ᠦᠶ᠎ᠡ ᠳᠤ ᠪᠠᠨ ᠡᠪᠦᠭᠡ ᠡᠮᠡᠭᠡ ᠪᠣᠶᠤ ᠠᠬᠠᠮᠠᠤᠨ ᠳᠤᠮᠤᠴᠤᠤᠯ ᠶᠢᠡᠨ ᠳᠠᠭᠠᠭᠠᠤᠨ ᠰᠤᠨᠤᠰᠴᠤ ᠪᠠᠢ᠌ᠭᠰᠠᠨ ᠡᠳᠡᠭᠡᠷ ᠳᠠᠭᠤᠤ ᠨᠤᠭᠤᠳ ᠢ ᠰᠤᠨᠤᠰᠤᠨ᠎ᠠ ᠭᠡᠭᠦ ᠳᠤ ᠵᠠᠪ ᠪᠠᠢ᠌ᠬᠤ ᠦᠭᠡᠶ ᠪᠣᠶᠤ᠂ ᠰᠤᠨᠤᠰᠤᠭᠰᠠᠨ ᠴᠤ ᠰᠢᠨ᠎ᠡ ᠴᠠᠭ ᠤᠨ ᠳᠠᠭᠤᠴᠢᠳ ᠤᠨ ᠰᠤᠨᠢᠨ ᠶᠠᠩᠵᠤ ᠪᠠᠷ ᠬᠤᠪᠢᠷᠭᠠᠵᠤ᠂ ᠥᠩᠭᠡ ᠨᠠᠮᠠᠵᠤ ᠳᠠᠭᠤᠯᠠᠭᠰᠠᠨ ᠳᠠᠭᠤᠤ ᠶᠢ ᠰᠤᠨᠤᠰᠬᠤ ᠪᠠᠷ ᠳᠤᠳᠤᠷ᠎ᠠ ᠮᠢᠨᠢ ᠣᠤᠯ ᠠᠷᠠᠤᠨ ᠤᠨ ᠳᠠᠭᠤᠤ ᠶᠢᠨ ᠦᠨᠦᠷ ᠠᠮᠳᠠ ᠶᠢ ᠮᠡᠳᠡᠷᠡᠭᠦ ᠶᠢᠨ ᠠᠷᠭ᠎ᠠ ᠦᠭᠡᠶ ᠪᠣᠯᠵᠤ᠂ ᠦᠪᠡᠷ ᠤᠨ ᠡᠷᠭᠡ ᠦᠭᠡᠶ ᠪᠠᠭ᠎ᠠ ᠶᠢᠨ ᠦᠶ᠎ᠡ ᠪᠠᠨ ᠰᠠᠨᠠᠭᠠᠯᠵᠠᠳᠠᠭ ᠪᠢᠯᠠ᠃
ᠪᠠᠭ᠎ᠠ ᠪᠠᠢ᠌ᠬᠤ ᠳᠤ ᠣᠨᠢᠶᠠᠷ ᠳᠠᠳᠠᠭᠰᠠᠨ ᠵᠤᠨ ᠤ ᠳᠤᠩᠭ᠋ᠠᠯᠠᠭ ᠦᠷᠯᠦᠭᠡ ᠠᠢ᠌ᠯ ᠤᠨ ᠬᠡᠦᠬᠡᠳ ᠲᠡᠶ ᠬᠤᠷᠠᠭ᠎ᠠ ᠳᠤᠭᠤᠯ ᠶᠢᠡᠨ ᠪᠠᠯᠴᠢᠭᠡᠷ ᠲᠤ ᠭᠠᠷᠭᠠᠬᠤ ᠦᠶ᠎ᠡ ᠳᠤ ᠳᠡᠷᠳᠡᠭᠡ ᠠᠢ᠌ᠯ ᠶᠢᠨ ᠷᠠᠳᠢᠤ᠋ ᠡᠴᠡ ᠠᠷᠠᠤᠨ ᠤᠨ ᠳᠠᠭᠤᠤ ᠶᠢᠨ ᠣᠶᠠᠩᠭ᠋ᠠᠳᠤ ᠰᠠᠢ᠌ᠬᠠᠨ ᠡᠭᠡᠰᠢᠭ᠌ ᠳᠠᠷᠠ ᠬᠤᠯᠠ ᠡᠴᠡ ᠬᠠᠩᠭᠢᠨᠠᠨ ᠴᠤᠤᠷᠢᠶᠠᠳᠠᠵᠤ ᠦᠷᠯᠦᠭᠡ ᠶᠢᠨ ᠴᠠᠪᠠᠷ ᠠᠭᠠᠷ ᠲᠡᠶ ᠬᠠᠮᠳᠤ ᠴᠡᠭᠡᠵᠢᠨ ᠳᠤ ᠣᠷᠤᠰᠤᠨ ᠣᠷᠤᠵᠤ᠂ ᠣᠠᠴᠠ ᠶᠢᠨ ᠳᠠᠭᠠᠯᠠᠮᠵᠢᠳᠠᠢ ᠪᠠᠢ᠌ᠭᠰᠠᠨ ᠴᠤ ᠳᠠᠷᠠ ᠦᠶ᠎ᠡ ᠶᠢᠨ ᠬᠡᠦᠬᠡᠳ ᠨᠠᠰᠤᠨ ᠤ ᠭᠡᠨᠡᠨ ᠬᠤᠩᠭ᠋ᠤᠷ ᠣᠬᠠᠭᠠᠨ ᠳᠤ ᠪᠠᠨ ᠶᠠᠭᠤ ᠴᠤ ᠦᠭᠡᠶ ᠶᠠᠪᠣᠭᠰᠠᠨ ᠶᠢᠡᠨ ᠣᠳᠤ ᠳᠤᠷᠠᠳᠬᠠᠬᠤ ᠳᠤ ᠪᠠᠭ᠎ᠠ ᠨᠠᠰᠤᠨ ᠤ ᠪᠠᠨ ᠳᠠᠷᠠ ᠵᠤᠯ ᠵᠢᠷᠭᠠᠯᠳᠤ ᠮᠦᠴᠡ ᠳᠤ ᠡᠷᠭᠢᠭᠡᠳ ᠪᠣᠴᠠᠬᠤ ᠶᠢ ᠰᠠᠨᠠᠳᠠᠭ᠃ ᠦᠳᠡ ᠶᠢᠨ ᠬᠠᠯᠠᠭᠤᠨ ᠳᠤ ᠮᠤᠳᠤᠨ ᠰᠡᠭᠦᠳᠡᠷ ᠲᠤ ᠰᠡᠷᠢᠭᠦᠴᠡᠨ᠂ ᠷᠠᠳᠢᠤ᠋ ᠪᠠᠨ ᠨᠡᠭᠡᠭᠡᠳ ᠬᠤᠭᠤᠷ ᠤᠨ ᠥᠯᠢᠭᠡᠷ ᠶᠢᠡᠨ ᠰᠤᠨᠤᠰᠤᠨ ᠬᠠᠭᠤᠴᠢᠯᠠᠵᠤ ᠰᠠᠭᠤᠳᠠᠭ ᠡᠪᠦᠭᠡᠴᠦᠯ ᠤᠨ ᠶᠢᠡᠨ ᠠᠮᠠᠨ ᠡᠴᠡ ᠣᠴᠢᠷᠳᠠᠢ ᠰᠠᠢ᠌ᠬᠠᠨ ᠥᠯᠢᠭᠡᠷ ᠳᠡᠦᠭᠡ ᠶᠢ ᠳᠡᠭ᠍ᠳᠡᠭᠡᠭᠡᠢ ᠰᠢᠭ᠌ ᠶᠢᠡᠨ ᠠᠮᠠ ᠪᠠᠨ ᠠᠩᠭ᠋ᠠᠢ᠌ᠨ ᠰᠤᠨᠤᠰᠴᠤ ᠰᠠᠭᠤᠳᠠᠭ ᠶᠢᠡᠨ ᠣᠳᠤ ᠮᠦᠷᠦᠭᠡᠳᠭᠦ ᠳᠤ ᠳᠠᠭᠤᠯᠠᠭᠠᠤᠨ ᠪᠠᠷᠠᠬᠤ ᠦᠭᠡᠶ ᠮᠤᠩᠭ᠋ᠤᠯ ᠠᠷᠠᠤᠨ ᠤᠨ ᠳᠠᠭᠤᠤ᠂ ᠭᠦᠦᠷᠨᠢᠭᠡᠳ ᠳᠠᠭᠤᠰᠬᠤ ᠦᠭᠡᠶ ᠥᠯᠢᠭᠡᠷ ᠭᠡᠵᠤ ᠳᠠᠯ᠎ᠠ ᠶᠢᠨ ᠳᠤᠮᠤᠭ ᠶᠢᠡᠨ ᠰᠢᠩᠭᠡᠭᠡᠨ ᠭᠦᠮᠤᠨ ᠠᠷᠠᠤᠨ ᠤᠨ ᠶᠢᠡᠨ ᠰᠡᠳᠭᠢᠯ ᠳᠤ ᠮᠥᠩᠭᠡᠷᠡᠭ᠍ᠰᠡᠨ ᠵᠢᠩᠭᠢᠨᠢ ᠰᠡᠳᠭᠢᠯ ᠤᠨ ᠮᠠᠳᠠᠷᠠᠮᠵᠢ ᠲᠡᠶ ᠦᠨᠳᠦᠰᠦᠳᠠᠨ ᠤ ᠣᠷᠠᠯᠢᠭ ᠪᠢᠯᠠ᠃
ᠳᠠᠷᠠ ᠦᠶ᠎ᠡ ᠳᠤ ᠠᠢ᠌ᠯ ᠪᠣᠯᠭᠠᠨ ᠳᠤ ᠷᠠᠳᠢᠤ᠋ ᠲᠡᠶ ᠪᠦᠭᠡᠳ ᠷᠠᠳᠢᠤ᠋ ᠪᠠᠨ ᠰᠤᠨᠤᠰᠬᠤ ᠦᠭᠡᠶ ᠭᠦᠮᠤᠨ ᠭᠡᠵᠤ ᠦᠭᠡᠶ᠃ ᠳᠡᠭᠡᠭᠦ ᠮᠦᠷᠳᠡᠭᠡᠨ ᠪᠢᠳᠠᠨ ᠤ ᠦᠨᠦᠳᠤᠷ ᠤᠨ ᠳᠸᠯᠸᠢᠰ᠂ ᠰᠦᠯᠵᠢᠶᠠᠨ ᠳᠡᠭᠡᠷ᠎ᠡ ᠡᠴᠡ ᠠᠯᠢ ᠨᠢᠭᠡᠨ ᠳᠠᠭᠤᠴᠢᠨ᠂ ᠭᠡᠷᠡᠯᠳᠤ ᠣᠳᠤᠨ ᠶᠢᠡᠨ ᠣᠯᠵᠤ ᠬᠠᠷᠠᠭᠠᠤᠨ ᠭᠡᠨ ᠭᠡᠨ ᠭᠡᠵᠤ ᠵᠢᠰᠤᠯᠠᠵᠤ ᠳᠠᠨᠢᠭᠠᠤᠨ ᠭᠦᠭ᠍ᠰᠡᠨ ᠪᠠᠶᠠᠷᠯᠠᠬᠤ ᠲᠡᠶ ᠠᠳᠠᠯᠢ ᠪᠠᠷ᠂ ᠭᠡᠳᠥᠢᠪᠠᠷ ᠳᠠᠳᠠ ᠷᠠᠳᠢᠤ᠋ ᠪᠠᠷ ᠵᠢᠰᠤ ᠶᠢ ᠨᠢ ᠣᠯᠵᠤ ᠬᠠᠷᠠᠬᠤ ᠦᠭᠡᠶ ᠪᠣᠯᠪᠠᠴᠤ ᠳᠠᠭᠤᠯᠠᠵᠤ ᠶᠠᠷᠢᠬᠤ ᠳᠠᠭᠤᠨ ᠤ ᠭᠢᠨᠢ ᠥᠩᠭᠡ ᠪᠠᠷ ᠨᠢ ᠡᠨᠡ ᠴᠢᠨᠢ ᠮᠦᠯᠠᠨ ᠪᠠᠢ᠌ᠨ᠎ᠠ᠂ ᠨᠥᠭᠦᠭᠡ ᠨᠢ ᠵᠢᠠᠬᠤᠸᠠᠷ᠂ ᠳᠠᠳᠮ᠎ᠠ ᠭᠡᠳᠡᠯ᠎ᠡ ᠬᠤᠭᠤᠷᠴᠢ ᠪᠦᠷᠢᠡᠪᠠᠶᠡᠷ᠂ ᠬᠠᠢ ᠪᠣᠤ᠂ ᠳᠤᠷᠵᠢ ᠭᠡᠳ ᠯᠠ ᠳᠠᠨᠢᠭᠠᠤᠨ᠂ ᠳᠠᠰᠤᠯᠬᠠᠨ ᠳᠠᠭᠤᠨ ᠳᠤ ᠨᠢ ᠰᠤᠭᠳᠤᠭᠤᠷᠠᠨ᠂ ᠥᠯᠢᠭᠡᠷ ᠲᠤ ᠨᠢ ᠭᠦᠭ᠍ᠰᠡᠭᠡᠳ ᠰᠠᠭᠤᠳᠠᠭ ᠴᠠᠢ᠌ᠯᠭᠠᠨ ᠴᠠᠭᠠᠪᠣᠷ ᠮᠠᠯᠴᠢᠳ ᠮᠢᠨᠢ ᠭᠦᠳᠡᠭᠡ ᠭᠡᠭᠡᠷ᠎ᠡ᠂ ᠰᠦᠷᠦᠭ᠌ ᠤᠨ ᠳᠡᠷᠭᠡᠳᠡ᠂ ᠳᠠᠯ᠎ᠠ ᠶᠢᠨ ᠳᠤᠮᠳᠠ ᠬᠠᠮᠢᠭ᠎ᠠ ᠨᠢ ᠴᠤ ᠭᠡᠰᠡᠨ ᠷᠠᠳᠢᠤ᠋ ᠪᠠᠨ ᠪᠠᠶᠠᠨ ᠡᠴᠡ ᠪᠠᠨ ᠰᠠᠯᠭᠠᠯ ᠦᠭᠡᠶ ᠳᠠᠭᠤᠤ ᠪᠠᠨ ᠰᠤᠨᠤᠰᠤᠨ ᠰᠡᠳᠭᠢᠯ ᠶᠢᠡᠨ ᠪᠠᠶᠠᠰᠬᠠᠵᠤ ᠶᠠᠪᠣᠳᠠᠭ ᠪᠢᠯᠠ᠃
ᠡᠨᠡ ᠪᠣᠯ ᠮᠤᠩᠭ᠋ᠤᠯ ᠠᠮᠢᠳᠤᠷᠠᠯ᠃ ᠳᠠᠭᠤᠤ ᠬᠤᠭᠤᠷ ᠲᠡᠶ᠂ ᠡᠶ᠎ᠡ ᠨᠠᠢ᠌ᠷ ᠲᠡᠶ ᠵᠢᠩᠭᠢᠨᠢ ᠮᠤᠩᠭ᠋ᠤᠯ ᠤᠨ ᠴᠢᠰᠤᠨ ᠤ ᠠᠷᠠᠠᠰᠢᠨ ᠲᠡᠶ ᠠᠮᠢᠳᠤᠷᠠᠯ ᠶᠤᠮ᠃ ᠭᠡᠪᠠᠴᠤ ᠬᠠᠷᠠᠮᠰᠠᠯᠳᠠᠢ ᠨᠢ ᠳᠠᠷᠠ ᠦᠶ᠎ᠡ ᠶᠢ ᠪᠣᠳᠤᠪᠠᠯ ᠣᠳᠤ ᠠᠷᠠᠤᠨ ᠤᠨ ᠳᠠᠭᠤᠤ ᠪᠠᠨ ᠳᠠᠭᠤᠯᠠᠬᠤ ᠭᠦᠮᠤᠨ ᠴᠥᠭᠡᠷᠡᠵᠡᠢ᠂ ᠰᠤᠨᠤᠰᠬᠤ ᠭᠦᠮᠤᠨ ᠨᠢ ᠴᠤ ᠪᠠᠭᠠᠰᠴᠤ ᠢᠷᠠᠪᠠ᠃ ᠴᠠᠭ ᠤᠨ ᠥᠩᠭᠡ ᠪᠠᠨ ᠳᠠᠭᠠᠭᠠᠤᠨ ᠰᠢᠨ᠎ᠡ ᠮᠠᠶᠢᠭ ᠤᠨ ᠣᠷᠤᠰᠬᠠᠯ ᠳᠠᠭᠤᠨ ᠳᠤ ᠳᠠᠳᠠᠭᠳᠠᠭᠰᠠᠨ ᠣᠳᠤᠭᠢ ᠭᠦᠮᠦᠰ (ᠭᠤᠤᠯᠳᠠᠭᠤ ᠵᠠᠯᠠᠭᠤᠴᠤᠳ) ᠠᠷᠠᠤᠨ ᠤᠨ ᠳᠠᠭᠤᠤ ᠪᠠᠨ ᠰᠤᠨᠤᠰᠬᠤ ᠭᠦᠮᠤᠨ ᠦᠭᠡᠶ ᠪᠣᠯᠵᠤ᠂ ᠳᠡᠭᠦᠨ ᠢ ᠨᠢ ᠰᠤᠨᠤᠰᠪᠠᠯ ᠪᠦᠷ ᠣᠷᠤᠰᠬᠠᠯ ᠡᠴᠡ ᠬᠤᠴᠤᠷᠤᠭᠰᠠᠨ ᠳᠤᠭᠠᠨ ᠳᠤ ᠣᠷᠤᠳᠠᠭ ᠭᠡᠨ᠎ᠡ᠃ ᠭᠦᠳᠡᠭᠡ ᠨᠤᠳᠤᠭ ᠲᠤ ᠠᠷᠠᠤᠨ ᠤᠨ ᠳᠠᠭᠤᠤ ᠣᠤᠯ ᠤᠨ ᠶᠢᠡᠨ ᠰᠢᠭ᠌ ᠳᠠᠭᠤᠯᠠᠭᠳᠠᠵᠤ ᠪᠠᠢ᠌ᠭᠰᠠᠨ ᠴᠤ ᠦᠨᠦᠷ ᠠᠮᠳᠠ ᠨᠢ ᠪᠠᠭᠤᠷᠠᠵᠤ᠂ ᠭᠢᠳᠠᠤᠨ ᠮᠤᠩᠭ᠋ᠤᠯ ᠬᠤᠯᠢᠭᠠᠤᠨ᠂ ᠠᠶᠠᠰ ᠥᠩᠭᠡ ᠶᠢ ᠨᠢ ᠬᠤᠪᠢᠷᠭᠠᠴᠢᠬᠠᠭᠰᠠᠨ ᠡᠳᠡᠭᠡᠳ ᠰᠤᠨᠢᠬᠠᠨ ᠳᠠᠭᠤᠤ ᠪᠣᠯᠵᠤ ᠳᠠᠭᠤᠯᠠᠭᠳᠠᠨᠠ᠃ ᠨᠠᠢ᠌ᠷ ᠬᠤᠷᠢᠮ ᠪᠣᠶᠤ᠂ ᠨᠠᠰᠤᠳᠠᠢ᠌ᠴᠤᠳ ᠤᠨ ᠨᠠᠰᠤᠨ ᠪᠠᠶᠠᠷ ᠳᠡᠭᠡᠷ᠎ᠡ ᠴᠤ ᠠᠷᠠᠤᠨ ᠤᠨ ᠳᠠᠭᠤᠤ ᠰᠤᠨᠤᠰᠳᠠᠬᠤ ᠪᠠᠨ ᠪᠠᠢ᠌ᠵᠤ᠂ ᠬᠠᠢ᠌ᠷ᠎ᠠ ᠶᠢᠨ ᠳᠠᠭᠤᠤ ᠣᠯᠠᠮ ᠶᠢᠡᠷ ᠳᠠᠭᠤᠯᠠᠭᠳᠠᠬᠤ ᠪᠣᠯᠵᠠᠢ᠃ ᠨᠠᠰᠤᠳᠠᠢ᠌ᠴᠤᠳ ᠣᠳᠤ ᠢᠨᠠᠭ ᠤᠨ ᠳᠠᠭᠤᠤ ᠰᠤᠨᠤᠰᠤᠭᠠᠤᠨ ᠪᠠᠶᠠᠷᠯᠠᠭᠠᠤᠨ ᠬᠠᠮᠢᠭ᠎ᠠ ᠭᠦᠷᠤᠨ᠎ᠡ ᠳ᠋ᠠ᠃ ᠰᠤᠶᠤᠯ ᠢᠷᠭᠡᠡᠰᠢᠯ ᠤᠨ ᠶᠢᠡᠨ ᠳᠠᠷᠬᠠᠨ ᠭᠤᠯᠤᠮᠳᠠ ᠊᠊᠊᠊᠊᠊᠊᠊᠊᠊᠊᠊᠊᠊᠊ ᠭᠦᠳᠡᠭᠡ ᠨᠤᠳᠤᠭ ᠲᠤ ᠠᠷᠠᠤᠨ ᠤᠨ ᠳᠠᠭᠤᠤ ᠡᠢ᠌ᠮᠤ ᠪᠣᠯᠴᠢᠬᠠᠬᠤ ᠪᠠᠷ ᠨᠠᠩ ᠬᠤᠳᠠ ᠭᠠᠵᠠᠷ ᠢ ᠭᠡᠯᠡᠭᠦ ᠶᠠᠭᠤᠨ᠃ ᠨᠠᠢ᠌ᠷ ᠤᠨ ᠰᠢᠷᠡᠭᠡ᠂ ᠠᠷᠢᠭᠢᠨ ᠪᠠᠭᠠᠷ᠂ ᠳᠠᠭᠤᠨ ᠺᠯᠦ᠋ᠪ ᠲᠤ ᠠᠷᠠᠤᠨ ᠤᠨ ᠳᠠᠭᠤᠤ ᠪᠠᠨ ᠰᠠᠨᠠᠭᠠᠨ ᠳᠤ ᠣᠷᠤᠪᠠᠯ ᠵᠦᠪ ᠪᠣᠷᠤᠭᠤ ᠬᠤᠭᠤᠯᠠᠢ ᠪᠠᠷ ᠡᠯᠳᠡᠪ ᠶᠢᠡᠷ ᠭᠤᠳᠤᠭᠠᠨ ᠳᠠᠭᠤᠯᠠᠵᠤ ᠰᠤᠬᠤᠷ ᠵᠤᠭᠤᠰᠤᠨ ᠤ ᠬᠤᠠᠵᠢᠪᠣᠷᠢ ᠳᠤ ᠵᠠᠷᠤᠬᠤ ᠨᠢ ᠡᠩ ᠤᠨ ᠣᠴᠢᠷ ᠪᠢᠯᠠ᠃ ᠡᠢ᠌ᠮᠤ ᠪᠠᠢ᠌ᠳᠠᠯ ᠶᠢᠡᠷ ᠮᠤᠩᠭ᠋ᠤᠯ ᠲᠦᠮᠡᠨ ᠤ ᠰᠡᠳᠭᠢᠯ ᠳᠤ ᠬᠤᠨᠤᠭᠰᠢᠭᠰᠠᠨ ᠠᠷᠠᠤᠨ ᠤᠨ ᠳᠠᠭᠤᠤ ᠭᠡᠵᠤ 《ᠣᠷᠭᠢᠵᠤ᠂ ᠬᠠᠰᠭᠢᠷᠤᠭᠠᠤᠨ》 ᠢᠷᠡᠭ᠍ᠰᠡᠨ ᠠᠷᠠᠤᠨ ᠤᠨ ᠳᠠᠭᠤᠤ ᠮᠢᠨᠢ ᠬᠤᠵᠢᠮ ᠶᠠᠭᠠᠭᠢᠵᠤ ᠭᠦᠭ᠍ᠵᠢᠨ᠎ᠡ ᠪᠣᠢ︖ ᠭᠦᠭ᠍ᠵᠢᠭᠦ ᠢᠷᠡᠭᠡᠳᠦᠢ ᠪᠣᠢ ᠦᠦ︖ ᠭᠡᠵᠤ ᠳᠤᠳᠤᠷ᠎ᠠ ᠪᠠᠨ ᠪᠣᠳᠤᠭᠰᠠᠭᠠᠷ ᠰᠡᠳᠭᠢᠯ ᠰᠢᠮᠰᠢᠷᠠᠨᠡ᠃
ᠮᠤᠩᠭ᠋ᠤᠯᠴᠤᠳ ᠮᠢᠨᠢ᠂ ᠡᠯᠢᠭᠡ ᠵᠢᠷᠦᠭᠡᠨ ᠡᠴᠡ ᠪᠠᠨ ᠣᠶᠠᠭ᠎ᠠ ᠲᠡᠶ ᠮᠤᠩᠭ᠋ᠤᠯ ᠠᠷᠠᠤᠨ ᠤᠨ ᠳᠠᠭᠤᠤ ᠪᠠᠨ ᠳᠠᠭᠤᠯᠠᠵᠤ ᠶᠠᠪᠣᠶ᠎ᠠ︕ ᠳᠡᠭ᠍ᠷᠢ ᠡᠴᠡ ᠳᠠᠰᠤᠷᠠᠭᠰᠠᠨ ᠠᠯᠢᠪᠠ ᠦᠪ ᠰᠤᠶᠤᠯ ᠶᠢᠡᠨ ᠰᠥᠭ᠌ ᠰᠦᠯᠳᠡ ᠲᠡᠶ ᠠᠪᠴᠤ ᠶᠠᠪᠣᠶ᠎ᠠ᠂ ᠭᠦᠭ᠍ᠵᠢᠭᠦᠯᠵᠤ ᠶᠠᠪᠣᠶ᠎ᠠ︕
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠳᠡᠭᠡᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ·ᠴᠡᠩᠭᠡᠷ ᠡᠪᠠᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6186
ᠴᠠᠭ᠄ 2011 ᠤᠨ ᠤ 04 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ