☆ ᠳᠠᠭᠢᠨᠢᠨᠠᠭᠤᠷ
ᠰᠤᠭᠳᠤᠭᠤ ᠪᠠᠷ ᠣᠳᠠᠰᠤᠳᠠᠭᠰᠠᠨ ᠤ ᠣᠴᠢᠷ
ᠭᠡᠨ ᠨᠢᠭᠡᠨ ᠢ ᠥᠢᠮᠡᠭᠦᠯᠵᠤ
ᠰᠦᠨᠢ ᠲᠦᠯᠢ ᠪᠠᠷ ᠣᠳᠠᠰᠤᠳᠠᠵᠤ
ᠨᠠᠢ᠌ᠷᠳᠠᠢ ᠪᠦᠯᠢ ᠶᠢ ᠬᠠᠭᠠᠴᠠᠭᠤᠯᠬᠤ
ᠰᠤᠭᠳᠤᠭᠤ ᠭᠦᠮᠤᠨ ᠢ ᠡᠭ᠍ᠳᠡᠭᠦᠴᠡᠪᠡ ᠦᠦ︖
ᠠᠷᠢᠭᠢ ᠣᠤᠭᠤᠭᠰᠠᠨ ᠪᠦᠭᠦᠨ ᠣᠴᠢᠷᠳᠠᠢ
ᠠᠷᠢᠭᠢᠨ ᠳᠤ ᠰᠤᠭᠳᠤᠭᠰᠠᠨ ᠪᠦᠭᠦᠨ ᠦᠯᠢᠭᠡᠷ ᠳᠠᠢ
ᠬᠤᠯᠠ ᠶᠢᠨ ᠬᠤᠯᠠ ᠶᠢᠨ ᠪᠣᠳᠤᠯ ᠳᠤ ᠨᠢ ᠦᠭᠡᠶ ᠭᠦᠮᠤᠨ ᠳᠤ ᠪᠣᠯ
ᠬᠤᠶᠠᠷᠬᠠᠨ ᠥᠭᠡᠨ ᠤ ᠲᠦᠯᠦᠭᠡ ᠰᠤᠭᠳᠤᠭᠤ ᠪᠠᠷ ᠣᠳᠠᠰᠤᠳᠠᠬᠤ ᠶᠤᠰᠤ ᠥᠭᠡᠢ
ᠠᠷᠢᠭᠢ ᠣᠤᠭᠤᠭᠰᠠᠨ ᠭᠦᠮᠤᠨ ᠦᠨᠡᠨ ᠶᠢᠠᠨ ᠭᠡᠯᠡᠳᠡᠭ᠌ ᠭᠡᠳᠡᠭ᠌
ᠠᠭᠰᠤᠮ ᠰᠤᠭᠳᠤᠭᠤ ᠳᠠᠯᠪᠢᠵᠤ ᠠᠢ᠌ᠯ ᠢ ᠳᠦᠢᠪᠠᠭᠡᠳᠡᠭ᠌ ᠨᠢ ᠴᠤ ᠪᠣᠢ
ᠠᠯᠤᠰ ᠤᠨ ᠠᠯᠤᠰ ᠤᠨ ᠳᠤᠷᠠᠰᠤᠯ ᠳᠤ ᠨᠢ ᠮᠥᠩᠭᠡᠷᠡᠭ᠍ᠰᠡᠨ ᠭᠦᠮᠤᠨ ᠳᠤ ᠪᠠᠨ ᠯᠠ
ᠠᠵᠢᠭ ᠰᠡᠵᠢᠭ᠌ ᠶᠢᠠᠨ ᠳᠠᠪᠴᠢᠵᠤ ᠰᠡᠳᠭᠢᠯ ᠶᠢᠡᠨ ᠠᠭᠤᠳᠠᠯᠠᠳᠠᠭ ᠪᠠᠢ᠌ᠯᠭᠦᠢ
ᠬᠠᠢ᠌ᠷ᠎ᠠ ᠶᠢ ᠳᠡᠪᠴᠢᠳᠡᠭ᠌ ᠭᠦᠮᠤᠨ ᠦᠭᠡᠶ ᠴᠤ
ᠬᠠᠢ᠌ᠷᠠᠯᠠᠭᠰᠠᠨ ᠪᠦᠭᠦᠨ ᠢ ᠭᠤᠮᠤᠳᠠᠭᠠᠬᠤ ᠦᠭᠡᠶ ᠭᠡᠪᠠᠯ ᠬᠤᠳᠠᠯ
ᠰᠠᠨᠠᠭ᠎ᠠ ᠰᠠᠨᠠᠭ᠎ᠠ ᠪᠠᠨ ᠣᠯᠤᠯᠴᠠᠵᠤ ᠶᠠᠪᠣᠭᠰᠠᠨ ᠯᠠ ᠪᠣᠯ
ᠰᠠᠢ᠌ᠬᠠᠨ ᠮᠦᠴᠡ ᠪᠠᠨ ᠳᠤᠷᠠᠰᠬᠤ ᠦᠭᠡᠶ ᠶᠠᠭᠠᠭᠢᠬᠤ ᠪᠣᠢ
ᠵᠤᠬᠢᠶᠠᠭᠴᠢ ᠶᠢᠨ ᠬᠠᠶᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠳᠠᠭᠢᠨᠢᠨᠠᠭᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ