ᠨᠡᠪᠲᠡᠷᠡᠨ ᠤᠷᠤᠬᠤ
ᠬᠠᠰᠠᠷ ᠤᠨ ᠳᠠᠯ᠎ᠠ

ᠬᠠᠰᠠᠷ ᠪᠣᠭᠳᠠ ᠶᠢᠨ ᠣᠩᠭ᠋ᠤᠳ ᠭᠡᠢ᠌ᠮᠦᠷᠢ ᠰᠢᠩᠭᠡᠭ᠍ᠰᠡᠨ

ᠬᠠᠰ ᠤᠨ ᠳᠠᠮᠠᠭ᠎ᠠ ᠰᠢᠭ ᠳᠠᠯ᠎ᠠ ᠨᠤᠳᠤᠭ ᠳᠡᠭᠡᠷ᠎ᠡ ᠪᠢᠳᠠ ᠠᠮᠢᠳᠤᠷᠠᠳᠠᠭ

ᠬᠠᠪᠣᠳᠤ ᠭᠡᠵᠤ ᠨᠤᠮᠤ ᠪᠠᠨ ᠳᠡᠯᠡᠭ᠍ᠰᠡᠨ ᠣᠨ ᠵᠠᠭᠤᠨ ᠢ ᠨᠢ

ᠬᠠᠢ᠌ᠯᠠᠷ ᠭᠤᠤᠯ ᠤᠨ ᠥᠭᠡᠭᠦᠨ ᠴᠢᠯᠠᠭᠤᠳ ᠡᠴᠡ ᠣᠩᠰᠢᠳᠠᠭ

ᠬᠠᠢ᠌ᠷ᠎ᠠ ᠶᠢᠨ ᠠᠠᠳᠠᠭᠠᠢ ᠳᠠᠭᠠᠨ ᠳᠡᠢ᠌ᠯᠦᠭ᠍ᠳᠡᠵᠤ

ᠬᠠᠷᠢᠯᠠᠭᠰᠠᠨ ᠭᠦᠯᠦᠭ᠌ ᠨᠤᠳᠤᠭ ᠵᠥᠭ᠌ ᠶᠢᠡᠨ ᠬᠠᠷᠠᠵᠤ ᠵᠤᠭᠰᠤᠭ᠎ᠠ ᠪᠠᠷ ᠨᠥᠭ᠍ᠴᠢᠳᠡᠭ᠌

ᠭᠠᠩ ᠭᠡᠵᠤ ᠭᠠᠰᠠᠯᠬᠤ ᠨᠤᠬᠠᠢ ᠨᠢ ᠪᠠᠢ᠌ᠳᠠᠯ᠎ᠠ ᠦᠨᠡᠠᠴᠢ ᠶᠢᠨ ᠳᠠᠩᠭ᠋ᠠᠷᠢᠭ ᠲᠡᠶ

ᠭᠠᠵᠠᠷ ᠰᠢᠷᠤᠢ ᠶᠢ ᠮᠢᠨᠢ ᠪᠣᠴᠠᠭ᠎ᠠ ᠭᠡᠵᠤ ᠬᠤᠷᠭᠤᠭᠠᠳᠠᠭ

ᠳᠡᠭ᠍ᠷᠢ ᠶᠢᠨ ᠰᠤᠯᠤᠩᠭ᠋᠎ᠠ ᠳᠤᠳᠠᠭᠠᠵᠤ ᠭᠠᠷᠳᠠᠭ ᠦᠭᠡᠶ ᠬᠠᠰᠠᠷ ᠤᠨ ᠳᠠᠯ᠎ᠠ ᠵᠢ

ᠳᠤᠯᠤᠭᠠᠨ ᠪᠣᠷᠬᠠᠨ ᠰᠦᠨᠢ ᠪᠦᠷᠢ ᠮᠠᠨᠠᠵᠤ ᠬᠤᠨᠤᠳᠠᠭ

ᠣᠪᠣᠭ᠎ᠠ ᠰᠢᠳᠦᠭᠡᠨ ᠨᠢ ᠮᠡᠷᠭᠡᠨ ᠳᠦᠯᠭᠡ ᠬᠠᠶᠠᠵᠤ

ᠣᠨ ᠣᠨ ᠬᠠᠷ᠎ᠠ ᠰᠦᠯᠳᠡ ᠪᠠᠷ ᠳᠦᠷᠡᠯᠵᠡᠳᠡᠭ᠌

ᠭᠦᠯᠦᠭ᠌ ᠨᠢ ᠴᠤ ᠪᠢᠰᠢ᠂ ᠨᠤᠬᠠᠢ ᠨᠢ ᠴᠤ ᠪᠢᠰᠢ ᠮᠦᠷᠳᠠᠯ᠎ᠠ ᠪᠠᠨ

ᠭᠦᠴᠦᠳᠡᠢ ᠭᠠᠷ ᠤᠨ ᠡᠷᠴᠢ ᠪᠠᠷ

ᠭᠦᠭᠡ ᠮᠤᠩᠭ᠋ᠤᠯ ᠢ ᠭᠦᠭᠦᠯᠳᠤ ᠳᠤᠭ ᠤᠨ ᠳᠤᠤᠷ᠎ᠠ ᠠᠪᠴᠢᠷᠠᠭᠰᠠᠨ

ᠳᠡᠭ᠍ᠷᠢᠯᠢᠭ᠌ ᠡᠵᠡᠨ ᠪᠠᠢ᠌ᠳᠠᠯ᠎ᠠ

ᠳᠠᠪᠤᠨ ᠬᠤᠪᠢ ᠶᠢᠨ ᠳᠠᠯ᠎ᠠ ᠬᠠᠶᠠᠳᠠᠭ

ᠳᠡᠩᠭᠡᠭᠡᠳᠤ ᠳᠠᠷᠠ ᠭᠦᠮᠤᠨ

ᠳᠡᠦᠭᠡ ᠪᠠᠨ ᠮᠠᠷᠳᠠᠪᠠᠤ︖ ᠭᠡᠭᠦ ᠰᠢᠭ᠌

ᠳᠡᠨᠢᠭᠡᠷ ᠪᠠᠯᠴᠢᠭᠡᠷ ᠤᠨ ᠵᠠᠬ᠎ᠠ ᠡᠴᠡ ᠪᠠᠨ ᠢᠷᠠᠨ᠎ᠠ

ᠣᠳᠤᠳ ᠤᠨ ᠭᠢᠯᠪᠠᠭ᠎ᠠ ᠪᠠᠷ ᠠᠮᠢᠳᠤᠷᠠᠯ ᠠᠰᠠᠭᠠᠵᠤ

ᠣᠠᠴᠠ ᠬᠤᠷᠳᠤᠨ ᠮᠤᠷᠢ ᠰᠢᠠᠳᠠᠰᠤ ᠰᠢᠯᠭᠠᠨ ᠳᠠᠪᠭᠢᠯᠳᠤᠬᠤ ᠳᠤ

ᠣᠬᠠᠭᠠᠠᠳᠤ ᠳᠡᠭᠡᠳᠦᠰ ᠤᠨ ᠠᠯᠳᠠᠨ ᠬᠠᠭᠤᠳᠠᠰᠤ

ᠠᠭᠤᠳᠠᠮ ᠳᠠᠯ᠎ᠠ ᠪᠠᠨ ᠰᠢᠭ ᠴᠡᠩᠭᠡᠯ ᠲᠡᠶ ᠰᠡᠭᠦᠭ᠍ᠳᠡᠨ᠎ᠡ

ᠬᠠᠮᠢᠭ᠎ᠠ ᠪᠠᠢ᠌ᠨ᠎ᠠ︖ ᠬᠠᠰᠠᠷ ᠤᠨ ᠳᠠᠯ᠎ᠠ ᠭᠡᠵᠤ

ᠬᠠᠯᠢᠭᠤᠷᠠᠳᠠᠭ ᠡᠪᠠᠰᠤᠨ ᠤ ᠰᠢᠪᠠᠨᠡᠭᠡ ᠴᠢᠩᠨᠠᠨ ᠠᠰᠠᠭᠤᠪᠠᠰᠤ

ᠬᠠᠷᠪᠣᠭᠰᠠᠨ ᠰᠤᠮᠤᠨ ᠪ ᠥᠵᠦᠭᠦᠷ ᠲᠤ ᠪᠣᠢ

ᠬᠠᠮᠤᠭ ᠮᠤᠩᠭ᠋ᠤᠯ ᠤᠨ ᠵᠢᠷᠦᠭᠡᠨ ᠳᠤ ᠪᠣᠢ

ᠬᠠᠨ ᠳᠡᠭ᠍ᠷᠢ ᠶᠢᠨ ᠨᠠᠷᠠᠨ ᠳᠤ ᠪᠣᠢ

ᠬᠠᠷᠴᠠᠭᠠᠢ ᠱᠤᠩᠬᠤᠷ ᠤᠨ ᠵᠢᠭᠦᠷ ᠲᠤ ᠪᠣᠢ ᠭᠡᠵᠤ

ᠬᠠᠨᠠᠨ ᠠᠰᠬ᠎ᠠ ᠶᠢ᠂   ᠬᠠᠷᠠᠩᠭ᠋ᠤᠢ ᠭᠦᠨ ᠢ ᠬᠠᠭ᠎ᠠ ᠵᠥᠰᠦᠳᠡᠭ᠌

ᠬᠠᠩᠭᠢᠨᠠᠮ᠎ᠠ ᠰᠠᠢ᠌ᠬᠠᠨ ᠣᠷᠳᠤ ᠶᠢᠨ ᠳᠠᠭᠤᠨ

ᠬᠠᠰᠠᠷ ᠪᠣᠭᠳᠠ ᠶᠢᠨ ᠬᠤᠭᠤᠯᠠᠢ ᠪᠠᠷ ᠰᠢᠷᠤᠩᠬᠠᠢ᠌ᠯᠠᠭᠠᠤᠨ ᠪᠠᠢ᠌ᠨ᠎ᠠ ᠡ

ᠵᠤᠬᠢᠶᠠᠭᠴᠢ᠄ ᠰ·ᠡᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2008 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ