☆ ᠷ·ᠲᠦᠮᠡᠠᠦ᠌ᠯᠵᠠᠢ
ᠨᠠᠷᠠᠨ ᠡᠴᠠ ᠭᠡᠳᠦᠷᠡᠭ᠍ᠰᠡᠨ ᠭᠡᠷᠡᠯ
ᠨᠠᠷᠠ ᠨᠠᠳᠠ ᠡᠴᠠ ᠯᠠ ᠭᠡᠷᠡᠯ ᠭᠠᠷᠤᠨ᠎ᠠ ᠭᠡᠵᠤ
ᠨᠠᠳᠠ ᠳᠤ ᠪᠢᠳᠡᠭᠡᠢ ᠰᠠᠭᠰᠠᠭᠤᠷᠠᠭᠠᠴᠢ ︕
ᠨᠠᠰᠤᠨ ᠵᠠᠯᠠᠭᠤ ᠳᠠᠭᠠᠨ ᠭᠢᠯᠠᠯᠵᠠᠵᠤ ᠶᠠᠪᠣᠭ᠎ᠠ
ᠨᠠᠳᠠ ᠡᠴᠠ ᠪᠠᠰᠠ ᠭᠡᠷᠡᠯ ᠭᠠᠷᠤᠨ᠎ᠠ ︕
ᠣᠴᠢᠷ ᠨᠢ ᠪᠢ ᠪᠣᠯ ᠵᠠᠯᠠᠭᠤ ᠭᠦᠮᠤᠨ
ᠣᠴᠢ ᠭᠡᠷᠡᠯ ᠶᠢᠡᠨ ᠰᠠᠴᠤᠷᠠᠭᠤᠯᠬᠤ ᠭᠦᠮᠤᠨ ︕
ᠣᠷᠴᠢᠯᠠᠩ ᠳᠡᠯᠡᠭᠡᠢ ᠳᠤ ᠣᠬᠤᠷᠬᠠᠨ ᠠᠮᠢᠳᠤᠷᠠᠪᠠᠴᠤ
ᠦᠨᠢᠳᠠ ᠭᠡᠷᠡᠯᠳᠦᠭᠦ ᠬᠤᠪᠢ ᠲᠡᠶ ᠭᠦᠮᠤᠨ ︕
ᠭᠡᠢ᠌ᠮᠦᠷᠢ ᠪᠠᠨ ᠮᠠᠠᠳᠤᠭᠤᠯᠤᠭᠰᠠᠨ ᠡᠭᠡ ᠣᠷᠤᠨ ᠮᠢᠨᠢ
ᠭᠢᠵᠠᠭᠠᠷ ᠦᠭᠡᠶ ᠰᠠᠴᠤᠷᠠᠬᠤ ᠭᠡᠷᠡᠯ ᠲᠡᠶ ᠪᠣᠯᠬᠤᠷ
ᠭᠡᠵᠢᠶ᠎ᠡ ᠴᠤ ᠭᠡᠰᠡᠨ ᠭᠢᠯᠠᠯᠵᠠᠵᠤ ᠪᠠᠢ᠌ᠨ᠎ᠠ
ᠭᠡᠨ ᠡᠴᠠ ᠴᠤ ᠢᠯᠡᠭᠦᠤ ᠭᠡᠷᠡᠯᠳᠦᠵᠤ ᠪᠠᠢ᠌ᠨ᠎ᠠ ︕
ᠭᠢᠵᠠᠭᠠᠷ ᠲᠡᠶ ᠭᠠᠩᠭ᠋ᠠᠩ ᠵᠠᠯᠠᠭᠤ ᠨᠠᠰᠤ ᠪᠠᠨ
ᠭᠡᠨ ᠭᠡᠷᠪᠡ ᠳᠡᠭᠦᠨ ᠳᠤ ᠡᠷᠭᠦᠪᠠᠯ
ᠭᠡᠮᠵᠢᠶ᠎ᠡ ᠲᠡᠶ ᠰᠠᠴᠤᠷᠠᠬᠤ ᠳᠡᠭᠦᠨ ᠤ ᠭᠡᠷᠡᠯ ᠴᠤ
ᠭᠡᠮᠵᠢᠶ᠎ᠡ ᠦᠭᠡᠶ ᠡᠭᠦᠷᠢᠳᠡ ᠰᠠᠴᠤᠷᠠᠬᠤ ᠪᠣᠯᠤᠨ᠎ᠠ᠃
ᠡᠭᠡ ᠣᠷᠤᠨ ᠤ ᠭᠦᠭ᠍ᠵᠢᠯ ᠮᠠᠠᠳᠤᠯ
ᠢᠷᠡᠭᠡᠳᠦᠢ ᠪᠠᠨ ᠮᠠᠨ ᠳᠤ ᠨᠠᠢ᠌ᠳᠠᠭᠰᠠᠨ ᠪᠣᠯᠬᠤᠷ
ᠮᠠᠷᠭᠠᠰᠢ ᠶᠢᠨ ᠣᠢ᠌ᠯᠠᠰ ᠮᠠᠨᠠᠢ᠌ᠭᠢ ᠶᠤᠮ
ᠮᠠᠨ ᠤ ᠣᠢ᠌ᠯᠠᠰ ᠰᠠᠷᠠᠭᠤᠯᠬᠠᠨ ᠶᠤᠮ᠃
ᠡᠨᠡ ᠣᠢ᠌ᠯᠠᠰ ᠲᠤ ᠪᠢ ᠵᠠᠪᠠᠯ
ᠡᠷᠭᠢᠮ ᠰᠠᠢ᠌ᠬᠠᠨ ᠶᠢᠡᠨ ᠪᠦᠭᠦᠳᠡ ᠶᠢ ᠡᠷᠭᠦᠨ᠎ᠡ
ᠢᠩᠭᠢᠭᠡᠳ ᠪᠢ ᠭᠡᠷᠡᠯ ᠭᠢᠯᠪᠠᠭ᠎ᠠ ᠪᠠᠨ
ᠡᠭᠦᠷᠢᠳᠡ ᠮᠥᠩᠭᠡ ᠰᠠᠴᠤᠷᠠᠭᠤᠯᠵᠤ ᠪᠣᠯᠤᠨ᠎ᠠ ︕
ᠨᠠᠷᠠ ᠨᠠᠳᠠ ᠡᠴᠠ ᠯᠠ ᠭᠡᠷᠡᠯ ᠭᠠᠷᠤᠨ᠎ᠠ ᠭᠡᠵᠤ
ᠨᠠᠳᠠ ᠪᠢᠳᠡᠭᠡᠢ ᠰᠠᠭᠰᠠᠭᠤᠷᠠᠭᠠᠴᠢ᠃
ᠨᠠᠰᠤᠨ ᠵᠠᠯᠠᠭᠤ ᠳᠤ ᠪᠠᠨ ᠳᠤᠯᠠᠯᠵᠠᠵᠤ ᠶᠠᠪᠣᠭ᠎ᠠ
ᠨᠠᠳᠠ ᠡᠴᠠ ᠪᠠᠰᠠ ᠭᠡᠷᠡᠯ ᠭᠠᠷᠤᠨ᠎ᠠ ︕
ᠣᠴᠢᠷ ᠨᠢ ᠪᠢ ᠪᠣᠯ ᠵᠠᠯᠠᠭᠤ ᠭᠦᠮᠤᠨ
ᠣᠴᠢ ᠭᠡᠷᠡᠯ ᠶᠢᠡᠨ ᠰᠠᠴᠤᠷᠠᠭᠤᠯᠬᠤ ᠭᠦᠮᠤᠨ ︕
ᠣᠷᠴᠢᠯᠠᠩ ᠳᠡᠯᠡᠭᠡᠢ ᠳᠤ ᠣᠬᠤᠷᠬᠠᠨ ᠠᠮᠢᠳᠤᠷᠠᠪᠠᠴᠤ
ᠦᠨᠢᠳᠠ ᠭᠡᠷᠡᠯᠳᠦᠭᠦ ᠶᠤᠰᠤᠳᠠᠢ ᠭᠦᠮᠤᠨ ︕
1982 .1 . 10 ᠬᠦᠬᠡᠬᠤᠲᠠ ᠳ᠋ᠤ
ᠵᠤᠬᠢᠶᠠᠭᠴᠢ ᠶᠢᠨ ᠬᠠᠶᠢᠭ ᠄ ᠣᠷᠳᠤᠰ ᠨᠠᠮ ᠤᠨ ᠰᠤᠷᠭᠠᠭᠤᠯᠢ
ᠵᠤᠬᠢᠶᠠᠭᠴᠢ᠄ ᠷ·ᠲᠦᠮᠡᠠᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2662
ᠴᠠᠭ᠄ 2012 ᠤᠨ ᠤ 02 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ