☆ ᠫᠣ·ᠪᠠᠭᠠᠳᠤᠷ
ᠤᠬᠠᠭ᠎ᠠ ᠴᠠᠯᠮᠠᠨ᠎ᠠ
ᠠᠭᠤᠷ ᠶᠢᠡᠨ ᠳᠠᠰᠪᠣᠷᠢᠯᠠᠨ ᠡᠪᠯᠢᠭ᠌ ᠪᠠᠢ᠌ᠪᠠᠰᠤ
ᠠᠭᠤᠳᠠᠮ ᠳᠠᠯ᠎ᠠ ᠰᠢᠭ᠌ ᠰᠡᠳᠭᠢᠯ ᠳᠡᠨᠡᠢ᠌ᠨᠠ
ᠣᠶᠤᠨ ᠶᠢᠡᠨ ᠳᠤᠩᠭ᠋ᠠᠨ ᠣᠴᠢᠷ ᠢ ᠰᠥᠪᠠᠭ᠍ᠴᠢᠯᠡᠪᠠᠰᠤ
ᠣᠭᠳᠠᠷᠭᠤᠢ ᠶᠢᠨ ᠴᠡᠭᠡᠯ ᠰᠢᠭ᠌ ᠣᠬᠠᠭ᠎ᠠ ᠴᠠᠯᠮᠠᠨ᠎ᠠ
ᠠᠭᠤᠷ ᠭᠡᠵᠤ ᠣᠬᠠᠭᠠᠨ ᠦᠭᠡᠶ ᠪᠣᠳᠤᠯ
ᠣᠴᠢᠷ ᠭᠡᠷᠡᠭ᠌ ᠢ ᠡᠪᠳᠡᠭᠦ ᠳᠠᠢ᠌ᠰᠤᠨ
ᠥᠭᠡᠷ᠎ᠡ ᠪᠣᠰᠤᠳ ᠤᠨ ᠠᠯᠳᠠᠭᠳᠠᠯ ᠵᠢᠠᠷ
ᠦᠪᠡᠷ ᠢ ᠪᠠᠨ ᠵᠤᠪᠠᠭᠠᠬᠤ ᠳᠠᠮᠤᠯᠠᠯ
ᠥᠭᠡᠳᠡ ᠲᠡᠶ ᠰᠠᠢ᠌ᠬᠠᠨ ᠠᠮᠢᠳᠤᠷᠠᠯ ᠳ᠋ᠠᠭᠠᠨ
ᠦᠰᠢᠶᠠᠳᠠᠨ ᠣᠯᠭᠤᠬᠤ ᠮᠠᠭᠤ ᠢᠷᠸ᠎ᠠ
ᠭᠡᠷᠡᠭ᠌ ᠦᠭᠡᠶ ᠶᠠᠭᠤᠮ᠎ᠠ ᠳᠤ ᠪᠠᠴᠢᠮᠳᠠᠭᠠᠤᠨ
ᠭᠡᠷᠡᠭᠦᠯ ᠨᠤᠴᠤᠯᠳᠤᠭᠠᠨ ᠭᠢᠭᠦ ᠶᠢᠨ ᠣᠷᠤᠨ ᠳᠤ
ᠣᠴᠢᠷ ᠶᠠᠪᠣᠳᠠᠯ ᠢ ᠳᠤᠩᠭ᠋ᠠᠨ ᠪᠣᠳᠤᠵᠤ
ᠣᠬᠠᠭᠠᠨ ᠲᠡᠶ ᠭᠡᠷᠡᠭ᠌ ᠦᠢᠯᠡᠳᠬᠦ ᠨᠢ ᠳᠡᠭᠡᠷ᠎ᠡ
ᠪᠣᠳᠤᠯ ᠰᠠᠨᠠᠯ ᠶᠢᠡᠨ ᠪᠣᠰᠤᠳ ᠲᠡᠶ ᠰᠤᠯᠢᠯᠴᠠᠪᠠᠰᠤ
ᠪᠣᠯᠠᠩᠭᠢᠷ ᠲᠡᠶ ᠣᠬᠠᠭᠠᠨ ᠴᠢᠨᠢ ᠳᠤᠩᠭ᠋ᠠᠯᠠᠭᠰᠢᠨᠠ
ᠰᠠᠭᠠᠷᠠᠤ ᠳᠠᠯ᠎ᠠ ᠪᠠᠨ ᠣᠬᠠᠮᠰᠠᠷᠠᠨ ᠬᠠᠯᠠᠪᠠᠰᠤ
ᠰᠠᠷᠠᠭᠤᠯ ᠢᠷᠡᠭᠡᠳᠦᠢ ᠶᠢᠨ ᠴᠢᠨᠢ ᠵᠠᠮ ᠨᠡᠭᠡᠭᠡᠭ᠍ᠳᠡᠨ᠎ᠡ
ᠠᠵᠢᠯ ᠪᠦᠭᠦᠨ ᠳᠤ ᠰᠢᠳᠤᠷᠭᠤ ᠬᠠᠠᠳᠤᠪᠠᠯ
ᠠᠮᠵᠢᠯᠳᠠ ᠣᠯᠤᠯᠳᠠ ᠴᠢᠮ᠎ᠠ ᠡᠴᠡ ᠬᠤᠯᠠᠳᠠᠬᠤ ᠥᠭᠡᠢ
ᠬᠠᠰᠢᠷ ᠠᠮᠢᠳᠤᠷᠠᠯ ᠳᠠᠭᠠᠨ ᠬᠠᠳᠠᠭᠤᠵᠢᠯᠳᠠᠢ ᠴᠢᠷᠮᠠᠢ᠌ᠪᠠᠯ
ᠬᠠᠷᠭᠤᠢ ᠣᠢ᠌ᠯᠠᠰ ᠴᠢᠨᠢ ᠪᠦᠳᠦᠭᠡᠯ ᠶᠢᠡᠷ ᠭᠢᠯᠠᠯᠵᠠᠨ᠎ᠠ
ᠮᠠᠭᠤ ᠰᠠᠨᠠᠭ᠎ᠠ ᠲᠡᠶ ᠬᠠᠨᠢᠰᠴᠤ ᠶᠠᠪᠣᠪᠠᠯ
ᠬᠠᠵᠠᠭᠠᠢ ᠭᠢᠰᠭᠢᠵᠤ ᠬᠠᠪᠬᠠᠨ ᠳᠤ ᠣᠷᠤᠨ᠎ᠠ
ᠮᠤᠩᠬᠠᠭ ᠭᠢᠯᠢᠩ ᠮᠠᠭᠤᠬᠠᠢ ᠠᠭᠤᠷ ᠭᠡᠵᠤ
ᠮᠤᠬᠤᠭᠤ ᠭᠢᠳᠤᠭ᠎ᠠ ᠰᠢᠭ᠌ ᠨᠠᠢ᠌ᠷᠠᠮᠳᠠᠯ ᠭᠡᠷᠴᠢᠭᠡᠨᠡ
ᠰᠠᠢ᠌ᠨ ᠰᠠᠨᠠᠭ᠎ᠠ ᠡᠶᠡᠯᠳᠡᠭ᠌ ᠵᠠᠩ ᠭᠡᠵᠤ
ᠰᠠᠷᠨᠢᠭᠰᠠᠨ ᠪᠦᠭᠦᠳᠡ ᠶᠢ ᠡᠪᠴᠡᠭᠦᠯᠤᠨ ᠨᠢᠠᠠᠳᠠᠷᠠᠭᠤᠯᠤᠨ᠎ᠠ
ᠮᠠᠭᠤ ᠶᠢ ᠰᠠᠢ᠌ᠨ ᠶᠢᠡᠷ ᠵᠠᠰᠠᠵᠤ ᠪᠣᠯᠳᠠᠭ
ᠮᠤᠩᠬᠠᠭ ᠢ ᠮᠡᠳᠡᠯᠭᠡ ᠪᠠᠷ ᠰᠤᠷᠭᠠᠵᠤ ᠪᠣᠯᠳᠠᠭ
ᠠᠭᠤᠷ ᠪᠠᠨ ᠳᠠᠷᠤᠪᠠᠯ ᠠᠭᠤᠳᠠᠮ ᠳᠠᠯ᠎ᠠ
ᠣᠬᠠᠭ᠎ᠠ ᠪᠠᠨ ᠪᠢᠰᠢᠯᠭᠠᠪᠠᠯ ᠣᠯᠤᠮ ᠦᠭᠡᠶ ᠳᠠᠯᠠᠢ᠃
(ᠰᠢᠠᠵᠢᠶᠠᠩ ᠤᠨ ᠪᠣᠷᠤᠳᠠᠯ᠎ᠠ ᠮᠤᠩᠭ᠋ᠤᠯ ᠥᠪᠠᠷᠳᠡᠭᠡᠨ ᠵᠠᠰᠠᠬᠤ ᠵᠸᠤ ᠶᠢᠨ ᠣᠢ᠌ᠯᠠᠳᠪᠣᠷᠢ ᠬᠤᠳᠠᠯᠳᠤᠭᠠᠨ ᠤ ᠵᠠᠰᠠᠭ ᠵᠠᠭᠢᠷᠭᠠᠨ ᠤ ᠳᠤᠪᠴᠢᠶ᠎ᠠ)
ᠵᠤᠬᠢᠶᠠᠭᠴᠢ᠄ ᠫᠣ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2690
ᠴᠠᠭ᠄ 2009 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ