☆ ᠳ·ᠰᠤᠳᠨᠠᠮ
ᠠᠷᠢᠭᠢ ᠦᠭᠡᠶ ᠡᠳᠦᠷ ᠤᠳ ᠳᠤ
ᠠᠷᠢᠭᠢᠨ ᠡᠴᠠ ᠪᠠᠨ ᠵᠤᠭᠰᠤᠴᠢᠬᠠᠬᠤ ᠶᠤᠮ ᠪᠠ ᠭᠡᠵᠤ ᠠᠷᠪᠢᠨ ᠠᠷᠪᠢᠨ ᠪᠣᠳᠤᠭᠰᠠᠨ ᠵᠠᠯᠠᠭᠤᠰ ᠲᠤ ᠵᠤᠷᠢᠭᠤᠯᠪᠠ
ᠠᠪᠣ ᠨᠠᠮ᠎ᠠ ᠶᠢ ᠭᠤᠴᠢ ᠭᠦᠷᠪᠠᠯ ᠠᠷᠢᠭᠢ ᠣᠤᠭᠤᠵᠤ ᠪᠣᠯᠤᠨ᠎ᠠ ᠭᠡᠰᠡᠨ᠃ ᠪᠢ ᠭᠤᠴᠢ ᠭᠦᠷᠦᠭᠡᠳ ᠠᠷᠢᠭᠢᠨ ᠡᠴᠠ ᠪᠠᠨ ᠵᠤᠭᠰᠤᠴᠢᠬᠠᠯ᠎ᠠ᠃
ᠠᠪᠣ ᠠᠷᠭ᠎ᠠ ᠦᠭᠡᠶ ᠳᠤ ᠪᠠᠨ ᠵᠥᠪᠰᠢᠶᠡᠷᠡᠭ᠍ᠰᠡᠨ ᠮᠠᠭᠠᠤᠨ᠃ ᠪᠢ ᠠᠷᠭ᠎ᠠ ᠦᠭᠡᠶ ᠳᠤ ᠪᠠᠨ ᠵᠤᠭᠰᠤᠭᠰᠠᠨ ᠨᠢ ᠦᠨᠡᠨ᠃ ᠠᠬᠠᠳᠠᠳᠠᠯᠠ ᠣᠤᠭᠤᠭᠠᠤᠨ ᠪᠠᠶ᠎ᠠ ᠵᠤᠪᠠᠭᠰᠠᠨ ᠳᠤ ᠪᠠᠨ ᠪᠢᠰᠢ (ᠪᠢ ᠳᠡᠭᠡᠳᠡᠭ᠌ ᠡᠷ᠎ᠡ ᠪᠢᠰᠢ)᠂ ᠬᠠᠷᠢᠨ ᠬᠠᠴᠠᠷ ᠨᠢᠭᠤᠷ ᠢ ᠬᠠᠭ᠎ᠠ ᠳᠠᠰᠢᠮ᠎ᠠ ᠬᠠᠭᠢᠷ ᠭᠦᠢᠳᠡᠨ ᠳᠤ ᠮᠤᠬᠤᠷ ᠣᠯᠤᠭᠠᠢ ᠶᠢᠨ ᠦᠷᠪᠢᠰᠤᠯ ᠭᠦᠡᠳᠦᠷᠡᠭᠡᠳ ᠮᠠᠰᠠ ᠵᠠᠰᠠᠯ ᠭᠢᠯᠭᠡᠭ᠍ᠰᠡᠨ ᠬᠣᠢ᠌ᠨ᠎ᠠ ᠮᠢᠡᠴᠦᠷᠡᠭᠦᠯᠭᠦ ᠡᠮ ᠤᠨ ᠭᠦᠴᠤᠨ ᠳᠤ ᠮᠡᠳᠡᠭᠡ ᠲᠡᠶ᠂ ᠮᠡᠳᠡᠭᠡ ᠦᠭᠡᠶ ᠵᠤᠪᠠᠵᠤ ᠭᠡᠪᠳᠡᠭᠦ ᠳᠤ ᠪᠠᠨ᠄ 《ᠪᠠᠢ᠌ᠴᠠᠭᠠᠯᠳᠠ ᠡᠴᠠ ᠥᠵᠡᠭᠦᠯᠡᠷ ᠡᠨᠡ ᠠᠩᠭ᠎ᠠ ᠶᠢᠨ ᠵᠢᠷᠦᠭᠡ ᠭᠡᠮ ᠲᠡᠶ ᠪᠠᠢ᠌ᠨ᠎ᠠ᠂ ᠡᠨᠡ ᠶᠠᠩᠵᠤ ᠪᠠᠷ ᠶᠢᠡᠨ ᠪᠣᠯ ᠁》 ᠭᠡᠵᠤ ᠡᠮᠴᠢ ᠶᠢᠨ ᠨᠠᠮ ᠭᠡᠯᠡᠭ᠍ᠰᠡᠨ ᠢ ᠰᠠᠮ ᠰᠤᠨᠤᠰᠤᠭᠰᠠᠨ ᠪᠢ ᠰᠡᠳᠭᠢᠯ ᠳᠤ ᠪᠠᠨ ᠳᠡᠭᠡᠭᠡᠳ ᠳᠠᠩᠭ᠋ᠠᠷᠢᠭ ᠳᠠᠯᠪᠢᠭᠰᠠᠨ (ᠦᠨᠡᠨ ᠳᠤ ᠪᠠᠨ ᠭᠡᠳᠦᠳᠦᠭᠡᠷ ᠣᠳᠠᠭᠠᠨ ᠤ ᠳᠠᠩᠭ᠋ᠠᠷᠢᠭ ᠢ ᠪᠣᠤ ᠮᠠᠳᠠ)᠃ ᠭᠡᠮ ᠲᠡᠶ ᠭᠦᠮᠤᠨ ᠭᠡᠭᠡᠨ ᠣᠬᠠᠭᠠᠨ ᠲᠡᠶ ᠭᠡᠳᠡᠭ᠍ᠴᠢᠯᠡᠨ᠂ ᠭᠡᠨᠡᠳᠲᠡ ᠶᠢᠨ ᠡᠨᠡ ᠠᠷᠬᠠᠭ ᠢ ᠭᠦᠷᠳᠡᠯ᠎ᠡ ᠪᠢ ᠮᠠᠳᠠᠵᠤ ᠪᠠᠢ᠌ᠭ᠎ᠠ ᠬᠣᠢ᠌ᠨ᠎ᠠ ᠡᠨᠡ ᠣᠳᠠᠭ᠎ᠠ ᠴᠤ ᠳᠠᠰᠤ ᠰᠢ᠌ᠳᠦᠭ᠍ᠰᠡᠨ᠃ ᠠᠯᠢ ᠣᠯᠠᠨ ᠰᠤᠷᠭᠠᠯ᠂ ᠠᠮᠢ ᠳᠤ ᠳᠤᠯᠤᠭᠰᠠᠨ ᠰᠢᠷᠠᠳᠠᠯ ᠰᠢᠨᠠᠯᠤᠯ ᠨᠠᠮ᠎ᠠ ᠶᠢ ᠶᠠᠷᠤ ᠨᠢ ᠡᠢ᠌ᠮᠤ ᠶᠡᠭᠡ ᠰᠦᠰᠦ ᠭᠠᠷᠭᠠᠬᠤ ᠭᠡᠮᠵᠢᠶᠡᠨ ᠳᠤ ᠭᠦᠷᠭᠡᠭ᠍ᠰᠡᠨ ᠦᠭᠡᠶ ᠯᠠ ᠶᠤᠮ᠃
ᠠᠷᠪᠠᠨ ᠵᠢᠯ ᠤᠨ ᠳᠤᠷᠰᠢ᠂ ᠠᠮᠳᠠᠳᠠᠢ ᠴᠤ ᠣᠤᠭᠤᠭᠰᠠᠨ ᠠᠭᠠᠰᠢ ᠲᠡᠶ ᠴᠤ ᠪᠠᠯᠭᠤᠭᠰᠠᠨ ᠠᠮᠠᠷᠠᠭ ᠠᠷᠢᠭᠢᠨ ᠡᠴᠠ ᠪᠠᠨ ᠰᠠᠯᠬᠤ ᠭᠡᠭᠦ ᠡᠴᠠ ᠣᠯᠤᠰ ᠤᠨ ᠰᠢᠯᠭᠠᠯᠳᠠ ᠡᠴᠠ ᠭᠤᠭᠤᠵᠢᠭᠳᠠᠭᠰᠠᠨ ᠰᠤᠷᠤᠭᠴᠢ ᠭᠡᠮᠡᠷ ᠣᠷᠮ᠎ᠠ ᠬᠠᠷᠢᠵᠤ ᠭᠤᠩᠳᠠᠭᠰᠠᠨ ᠶᠤᠮᠰᠠᠨ᠃ ᠠᠷᠢᠭᠢᠨ ᠡᠴᠠ ᠵᠤᠭᠰᠤᠭᠰᠠᠨ ᠠᠩᠬᠠᠨ ᠤ ᠡᠳᠦᠷ ᠤᠳ ᠲᠤ ᠠᠷᠭ᠎ᠠ ᠠᠭᠠᠰᠢ ᠠᠯᠳᠠᠷᠠᠭᠰᠠᠨ ᠨᠢ ᠴᠤ ᠦᠨᠡᠠᠳᠠᠢ᠂ ᠴᠠᠭ ᠤᠨ ᠬᠤᠭᠤᠯᠠ ᠪᠣᠯᠬᠤ ᠪᠦᠷᠢ ᠴᠠᠢ ᠪᠠᠨ ᠴᠢ᠌ᠯᠡᠭᠡᠳ ᠣᠤᠭᠤᠵᠤ ᠦᠵᠡᠪᠠ᠂ ᠬᠤᠠᠳᠠᠭᠠᠨ ᠳᠤ ᠶᠡᠭᠦᠯᠡᠭᠡᠳ ᠭᠦᠡᠳᠡᠷᠴᠤ ᠴᠤ ᠦᠵᠡᠪᠠ᠂ ᠪᠣᠳᠠᠭ᠎ᠠ ᠪᠠᠨ ᠢᠳᠠ ᠭᠡᠵᠤ ᠪᠠᠢ᠌ᠨ ᠳᠠᠭᠢᠨ ᠶᠠᠩᠨᠠᠭᠤᠯᠵᠤ ᠦᠵᠡᠪᠠ᠂ ᠵᠠᠩᠨᠠᠭᠤᠯᠵᠤ ᠦᠵᠡᠪᠠ᠂ ᠶᠠᠮᠠᠷ ᠨᠢᠭᠡ ᠶᠠᠭᠤᠮ᠎ᠠ ᠪᠠᠨ ᠮᠠᠷᠳᠠᠭᠰᠠᠨ ᠰᠢᠭ ᠭᠢᠭᠡᠳᠦᠢ ᠰᠢᠭ᠌ ᠡᠷᠢᠵᠤ ᠦᠵᠡᠪᠠ᠂ ᠭᠦᠯᠢᠶᠡᠵᠤ ᠦᠵᠡᠪᠠ᠃ ᠠᠭᠢᠭᠠᠤᠨ ᠠᠭᠠᠵᠢᠮ ᠶᠢᠡᠷ ᠳᠠᠰᠤᠭᠠᠤᠨ ᠢᠷᠡᠭᠦᠯᠡᠷ ᠠᠰᠳᠠᠭᠠᠨ ᠪᠣᠯᠵᠤ᠂ ᠬᠤᠭᠤᠯᠠ ᠭᠤᠯᠤᠬᠤ ᠪᠠᠨ ᠪᠠᠢ᠌ᠵᠤ᠂ ᠬᠤᠭᠤᠯᠠ ᠪᠠᠵᠠᠭᠠᠵᠤ ᠰᠤᠷᠪᠠ᠃ ᠠᠶᠠᠭ᠎ᠠ ᠬᠠᠭᠠᠯᠬᠤ ᠪᠠᠨ ᠪᠣᠯᠢᠵᠤ᠂ ᠠᠶᠠᠭ᠎ᠠ ᠣᠭᠢᠶᠠᠵᠤ ᠡᠭᠢᠯᠡᠪᠡ᠃ ᠭᠦᠰᠡᠷ ᠲᠤ ᠪᠦᠭᠡᠯᠵᠢᠭᠦ ᠪᠠᠨ ᠪᠠᠢ᠌ᠵᠤ᠂ ᠭᠦᠰᠡᠷ ᠱᠥᠭᠦᠷᠳᠡᠭᠦ ᠪᠣᠯᠤᠭᠰᠠᠨ ᠳᠤ ᠭᠡᠷᠭᠡᠢ ᠮᠢᠨᠢ ᠡᠶᠡᠳᠡᠢ ᠨᠢ ᠠᠷᠭ᠎ᠠ ᠦᠭᠡᠶ ᠨᠠᠭᠠᠯᠢᠩᠬᠠᠢ᠌ᠳᠠᠵᠤ᠂ ᠭᠦᠤ ᠮᠢᠨᠢ ᠴᠤ 《ᠠᠪᠣ ᠡ ︕》 ᠭᠡᠳ ᠠᠷᠤ ᠡᠮᠦᠨᠡᠭᠦᠷ ᠵᠢᠭᠤᠷᠠᠬᠤ ᠪᠣᠯᠪᠠ᠃ 《ᠭᠡᠳᠦᠷᠡᠳᠡᠯ᠎ᠡ ᠣᠤᠭᠤᠭᠠᠤᠨ ᠭᠡᠯᠪᠠᠯᠵᠡᠵᠤ ᠪᠠᠢ᠌ᠭ᠎ᠠ ᠪᠣᠯ ᠦᠦ ︖ ᠭᠡᠨ ᠤ ᠳᠤ ᠨᠢ ᠭᠦᠷᠦᠭᠡᠳ ᠭᠡᠷᠡᠯᠳᠦᠵᠤ ᠪᠠᠢ᠌ᠭ᠎ᠠ ᠪᠣᠯ ᠦᠦ ︖》 ᠭᠡᠵᠤ ᠭᠡᠵᠢᠶ᠎ᠡ ᠢᠷᠡᠭᠦ ᠶᠢ ᠭᠦᠯᠢᠶᠡᠵᠤ ᠭᠡᠷᠡᠭ᠌ ᠪᠣᠯᠭᠠᠨ ᠵᠤᠪᠠᠳᠠᠭ ᠭᠡᠷᠭᠡᠢ ᠮᠢᠨᠢ ᠳᠠᠢ᠌ᠪᠣᠰᠢᠷᠠᠬᠤ ᠪᠠᠷ ᠭᠡᠷ ᠲᠤ ᠪᠠᠨ ᠬᠤᠷᠭᠤᠳᠠᠭᠰᠠᠨ ᠪᠢ ᠴᠤ ᠭᠡᠨᠡᠳᠲᠡ ᠪᠠᠷ 《ᠡᠩᠭᠡ ᠳᠠᠢ᠌ᠪᠣᠩ ᠤᠨ ᠨᠤᠹᠸᠯ ᠤᠨ ᠱᠠᠩᠨᠠᠯ》 ᠶ᠋ᠢᠡᠷ ᠱᠠᠩᠨᠠᠭᠤᠯᠤᠭᠰᠠᠨ ᠰᠢᠤᠬᠠᠨ ᠨᠤᠮᠤᠬᠠᠨ ᠨᠢ ᠠᠷᠭ᠎ᠠ ᠦᠭᠡᠶ ᠣᠮᠤᠭᠯᠠᠩ ᠰᠠᠭᠤᠬᠤ ᠠᠵᠠᠢ᠃
ᠠᠷᠢᠭᠢᠨ ᠡᠴᠠ ᠵᠤᠭᠰᠤᠰᠠᠨ ᠡᠳᠦᠷ ᠤᠳ ᠲᠤ ᠠᠮᠠᠷᠠᠯᠳᠠ ᠶᠢᠨ ᠡᠳᠦᠷ᠂ ᠴᠠᠭᠠᠨ ᠰᠠᠷ᠎ᠠ ᠦᠰᠢᠶ᠎ᠡ ᠪᠣᠯᠵᠤ ᠠᠷᠭᠠᠴᠠᠬᠤ ᠶᠢᠨ ᠠᠷᠭ᠎ᠠ ᠦᠭᠡᠶ ᠳᠠᠪᠠᠭ᠎ᠠ ᠪᠣᠯᠤᠭᠰᠠᠨ ᠢ ᠶᠠᠭᠠᠭᠢᠶ᠎ᠠ ︕ ᠠᠯᠢ ᠳᠠᠢ᠌ᠯᠠᠯᠭ᠎ᠠ ᠴᠠᠢ᠌ᠯᠠᠯᠭ᠎ᠠ ᠳᠤ ᠴᠤ ᠠᠠᠳᠠ ᠨᠠᠢ᠌ᠵᠠ ᠨᠡᠷ ᠮᠢᠨᠢ ᠠᠷᠠᠵᠠ ᠰᠠᠷᠬᠤᠤᠨ ᠶᠢᠡᠨ ᠭᠡᠮᠨᠡᠴᠢᠭᠡᠭᠡᠳ ᠠᠩᠬᠠᠨ ᠤ ᠪᠠᠨ ᠰᠢᠭ ᠠᠵᠠᠳᠠᠩ᠌ᠬᠠᠨ ᠣᠤᠭᠤᠴᠢᠬ᠎ᠠ ᠳ᠋ᠠ ᠭᠡᠵᠤ ᠨᠠᠮ᠎ᠠ ᠶᠢ ᠠᠷᠭᠠᠳᠠᠵᠤ ᠦᠵᠡᠪᠠ᠂ ᠠᠯᠪᠠᠳᠠᠵᠤ ᠦᠵᠡᠪᠠ᠂ ᠠᠶᠤᠯᠭᠠᠵᠤ ᠦᠵᠡᠪᠠ᠃ ᠠᠷᠭ᠎ᠠ ᠪᠠᠷᠠᠬᠤ ᠳᠤ ᠪᠠᠨ ᠬᠤᠷᠤᠰᠬᠠᠵᠤ ᠴᠤ ᠦᠵᠡᠯ᠎ᠠ (ᠮᠤᠩᠭ᠋ᠤᠯ ᠭᠦᠮᠤᠨ ᠪᠢᠰᠢ ᠭᠡᠵᠤ)᠂ ᠠᠮᠠᠨ ᠳᠤ ᠪᠠᠨ ᠪᠠᠭᠳᠠᠬᠤ ᠪᠠᠷ ᠬᠠᠷᠢᠶᠠᠵᠤ ᠦᠵᠡᠯ᠎ᠠ (ᠠᠠᠳᠠ ᠨᠠᠢ᠌ᠵᠠ ᠪᠢᠰᠢ ᠭᠡᠵᠤ)᠂ ᠠᠮᠢᠨ ᠳᠤ ᠪᠠᠨ ᠬᠠᠷᠠᠮᠴᠢ ᠬᠤᠯᠴᠢᠭᠠᠷ ᠭᠡᠵᠤ ᠵᠥᠭᠡᠵᠤ ᠦᠵᠡᠯ᠎ᠠ (ᠡᠷ᠎ᠡ ᠭᠦᠮᠤᠨ ᠪᠢᠰᠢ ᠭᠡᠵᠤ)᠃ ᠭᠡᠭᠦ ᠳᠤ ᠨᠢ ᠪᠢ ᠮᠠᠭᠤ ᠨᠠᠷᠠ ᠮᠤᠠᠳᠠᠭ ᠴᠤᠯᠠ ᠵᠡᠭᠦᠵᠤ 《ᠨᠥᠭᠦᠷᠯᠡᠯ ᠢ ᠡᠪᠳᠡᠭ᠍ᠰᠡᠨ ᠶᠠᠯ᠎ᠠ》 ᠳ᠋ᠤ ᠪᠠᠨ ᠳᠠᠰᠪᠣᠷᠢᠯᠠᠵᠤ᠂ ᠳᠠᠰᠪᠣᠷᠢᠯᠠᠵᠤ ᠯᠠ᠂ 《ᠳᠤᠭᠤᠢ ᠪᠣᠯ ᠬᠠᠮᠤᠭ ᠬᠠᠪᠣᠳᠠᠢ ᠡᠰᠡᠷᠭᠦᠴᠡᠯ》 ᠶ᠋ᠢᠡᠷ ᠥᠩᠭᠡᠷᠡᠭᠦᠯᠵᠤ᠂ ᠥᠩᠭᠡᠷᠡᠭᠦᠯᠵᠤ ᠯᠠ ᠪᠠᠢ᠌ᠯ᠎ᠠ᠃ ᠣᠷᠢᠳᠤ ᠡᠴᠠ ᠪᠠᠨ ᠦᠰᠦᠳ ᠥᠭᠡᠷ᠎ᠡ ᠪᠣᠯᠵᠤ ᠬᠤᠪᠢᠷᠠᠭᠰᠠᠨ ᠮᠢᠨᠤ ᠰᠡᠳᠭᠢᠯ ᠢ ᠦᠨᠡᠨ ᠳᠤ ᠪᠠᠨ᠂ ᠰᠤᠶᠤᠯ ᠤᠨ ᠬᠤᠪᠢᠰᠬᠠᠯ ᠳᠤᠮᠳᠠ ᠰᠤᠬᠤᠷ ᠪᠠᠯᠠᠢ ᠡᠳᠡᠭᠡᠳ ᠲᠤ ᠭᠢᠯᠢᠰ ᠶᠢᠡᠷ ᠪᠣᠷᠤᠭᠤᠰᠢᠶᠠᠭᠳᠠᠨ ᠪᠦᠭᠦᠢᠭ᠍ᠰᠡᠳ ᠯᠠ ᠣᠢ᠌ᠯᠠᠭᠠᠬᠤ ᠪᠠᠢ᠌ᠬᠤ ᠡ᠃
ᠲ᠋ᠠᠢ᠌ᠯᠠᠯᠭᠠᠨ ᠳᠤ ᠰᠢᠷᠠᠳᠤᠭᠰᠠᠨ ᠶᠢᠡᠨ ᠳᠠᠢ᠌ᠯᠠᠯᠳᠤᠭᠠᠨ ᠳᠤ ᠰᠢᠷᠬᠠᠳᠤᠭᠰᠠᠨ ᠰᠢᠤᠬᠠᠨ ᠣᠷᠮ᠎ᠠ ᠲᠡᠶ ᠶᠠᠷᠢᠬᠤ ᠥᠯᠢᠭᠡᠷ ᠢ ᠪᠠᠬ᠎ᠠ ᠲᠡᠶ ᠰᠤᠨᠤᠰᠴᠤ ᠪᠠᠳᠤ ᠢᠳᠡᠭᠡᠭᠦ ᠪᠠᠨ ᠪᠣᠯᠢᠵᠠᠢ᠃ ᠠᠮᠠ᠂ ᠬᠤᠳᠤᠭᠤᠳᠤ᠂ ᠰᠡᠳᠭᠢᠯ ᠨᠢ ᠬᠠᠯᠠᠵᠤ ᠢᠷᠡᠭᠦ ᠪᠠᠷ ᠯᠠ ᠰᠠᠶᠢ 《ᠡᠵᠡᠨ ᠪᠣᠭᠳᠠ》᠂ 《ᠭᠠᠳᠠ ᠮᠠᠢ᠌ᠷᠠᠨ》᠂ 《ᠪᠢ ᠮᠤᠩᠭ᠋ᠤᠯ ᠭᠦᠮᠤᠨ》 ᠁ ᠭᠡᠵᠤ ᠳᠠᠭᠤᠯᠠᠵᠤ ᠣᠷᠢᠯᠠᠵᠤ ᠡᠭᠢᠯᠡᠭᠦ ᠨᠢ ᠰᠤᠯᠢᠭᠠᠢ ᠰᠥᠭᠡᠩᠭᠡᠢ ᠰᠤᠨᠤᠰᠳᠠᠬᠤ ᠪᠣᠯᠵᠠᠢ᠃ ᠠᠷᠢᠭᠢᠨ ᠤ ᠭᠷᠠᠳᠦ᠋ᠰ ᠨᠡᠮᠡᠭ᠍ᠳᠡᠭᠦ ᠪᠠᠷ 《ᠦᠨᠳᠦᠰᠦᠳᠠᠨ ᠤ ᠦᠵᠡᠯ ᠴᠤ ᠬᠤᠷᠴᠠᠳᠬᠤ》 ᠡᠷᠡᠯᠭᠡᠭ᠌ ᠵᠤᠷᠢᠭ ᠨᠢ ᠡᠷᠴᠢᠯᠡᠭ᠍ᠳᠡᠵᠤ ᠪᠠᠢ᠌ᠬᠤ ᠨᠢ ᠳᠠᠷᠠ ︕ ᠵᠠ ︕ ᠡᠨᠡ ᠨᠢ ᠭᠠᠢ᠌ᠭᠤᠢ᠂ ᠭᠦᠮᠤᠨ ᠶᠢᠡᠷ ᠳᠠᠢ᠌ᠯᠠᠭᠤᠯᠵᠤ ᠭᠦᠮᠤᠨ ᠤ ᠭᠢ ᠶᠢ ᠰᠤᠨᠤᠰᠴᠤ ᠪᠠᠢ᠌ᠬᠤ ᠭᠡᠷᠡᠭ᠌ ︕ ᠬᠠᠷᠢᠨ ᠦᠪᠡᠷ ᠶᠢᠡᠨ ᠵᠤᠴᠢᠨ ᠳᠠᠢ᠌ᠯᠠᠬᠤ ᠭᠡᠳᠡᠭ᠌ ᠳᠤᠯᠵᠤ ᠢᠷᠡᠭ᠍ᠰᠡᠨ ᠵᠤᠪᠠᠯᠠᠩ ᠢ ᠳᠤᠭᠤᠯᠵᠤ ᠭᠠᠷᠬᠤ ᠵᠤᠪᠠᠯᠠᠩ ᠪᠠᠢ᠌ᠬᠤ ᠶᠤᠮ ᠰᠢᠤ᠂ ᠠᠷᠢᠭᠢ ᠴᠤ ᠭᠡᠭᠦᠯᠡᠷ ᠶᠠᠭᠤ ᠪᠢᠯᠠ᠂ ᠬᠤᠶᠠᠷ ᠭᠤᠷᠪᠠᠨ ᠰᠠᠷ᠎ᠠ ᠪᠠᠷ ᠬᠤᠷᠭᠤᠨ ᠳᠤᠳᠤᠷ᠎ᠠ ᠭᠤᠮᠤᠳᠠᠯ ᠲᠡᠶ ᠭᠤᠵᠣᠢ᠌ᠭᠠ ᠨᠢ ᠪᠠᠢ᠌ᠬᠤ ᠯᠠ᠂ (ᠣᠷᠢᠳᠤ ᠪᠣᠯ ᠭᠡᠳᠥᠢᠨ ᠯᠤᠩᠬᠤᠨ ᠤ ᠳᠠᠷᠤᠭᠠᠰᠤ ᠶᠢ ᠭᠦᠩᠭᠡᠯᠡᠵᠤ ᠢᠷᠤᠭᠠᠷ ᠢ ᠨᠢ ᠶᠠᠭᠠᠷᠠᠵᠤ ᠬᠠᠷᠠᠳᠠᠭ) ᠡᠷᠭᠢᠮ ᠵᠤᠴᠢᠳ ᠶᠢᠡᠨ ᠡᠷᠢᠶᠡᠯᠡᠭᠦ ᠡᠴᠠ ᠨᠢ ᠭᠢᠴᠢᠶᠡᠭ᠍ᠰᠡᠨ ᠴᠤ ᠡᠶ᠎ᠡ ᠡᠪᠳᠡᠢ ᠵᠤᠴᠢᠯᠠᠬᠤ ᠠᠷᠭ᠎ᠠ ᠪᠠᠨ ᠮᠠᠷᠳᠠᠵᠤ ᠣᠷᠭᠢᠭᠰᠠᠨ᠃ ᠡᠭᠡᠨᠡᠷ ᠬᠡᠦᠬᠡᠳ ᠶᠢᠡᠷ ᠶᠢᠡᠨ ᠳᠠᠭᠤᠯᠠᠭᠤᠯᠵᠤ ᠦᠵᠡᠯ᠎ᠠ᠂ ᠳᠠᠳᠠᠨ ᠤ ᠰᠡᠳᠭᠢᠯ ᠢ ᠭᠦᠳᠡᠯᠭᠡᠳᠡᠭ᠌ ᠶᠠᠭᠤᠮ᠎ᠠ ᠪᠢᠰᠢ᠂ ᠦᠪᠡᠷ ᠶᠢᠡᠨ ᠪᠢ ᠠᠷᠢᠭᠢ ᠦᠭᠡᠶ ᠪᠣᠯ ᠠᠶᠤᠵᠤ ᠳᠠᠭᠤᠯᠠᠬᠤ ᠦᠭᠡᠶ ᠬᠣᠢ᠌ᠨ᠎ᠠ ᠨᠤᠭᠦᠳ ᠨᠠᠮ᠎ᠠ ᠶᠢ ᠰᠢᠯᠦᠭᠯᠡᠴᠢᠭᠡ ᠭᠡᠭᠦ ᠶᠤᠮ᠂ ᠠᠯᠢ ᠶᠢ ᠨᠢ ᠰᠤᠨᠤᠰᠬᠠᠨ᠎ᠠ ︖ 《ᠮᠤᠩᠭ᠋ᠤᠯ ᠭᠦᠮᠤᠨ ᠪᠣᠯ ᠴᠢ ᠠᠷᠢᠭᠢ ᠣᠤᠭᠤ ︕》 ᠶ᠋ᠢ ᠨᠢ ᠣᠶᠠᠩᠭ᠋ᠠᠯᠠᠬᠤ ᠦᠦ ︖ ᠠᠷᠠᠢ ᠁ ᠠᠢ ︕ ᠪᠢ ᠴᠢᠨᠢ ᠠᠷᠢᠭᠢ ᠣᠤᠭᠤᠵᠤ ᠴᠢᠳᠠᠬᠤ ᠦᠭᠡᠶ ᠮᠤᠩᠭ᠋ᠤᠯ ᠭᠦᠮᠤᠨ ᠤ ᠨᠢᠭᠡ ᠪᠣᠯᠵᠤ ᠰᠦᠷᠦᠭ᠌ ᠡᠴᠠ ᠪᠠᠨ ᠰᠠᠯᠤᠭᠰᠠᠨ ᠭᠠᠯᠠᠭᠤ ᠶᠤᠮ ᠰᠢᠭ ᠭᠠᠵᠠᠷ ᠪᠣᠯᠭᠠᠨ ᠭᠠᠭᠴᠠᠭᠠᠷᠳᠠᠵᠤ ᠶᠠᠪᠣᠬᠤ ᠪᠣᠯᠵᠠᠢ᠃ ᠢᠩᠭᠢᠭᠡᠳ ᠭᠤᠨᠢᠵᠤ ᠮᠡᠯᠡᠷᠡᠭᠦ ᠳᠤ ᠨᠢᠭᠡ ᠨᠢ ᠮᠢᠨᠤ ᠰᠡᠳᠭᠢᠯ ᠢ ᠣᠢ᠌ᠯᠠᠭᠠᠭᠰᠠᠨ ᠪᠣᠯᠵᠤ 《ᠪᠢ ᠴᠤ ᠠᠷᠢᠭᠢᠨ ᠡᠴᠠ ᠪᠠᠨ ᠭᠠᠷᠴᠢᠬᠠᠬᠤ ᠶᠤᠮ ᠪᠠ ︖》 ᠭᠡᠨ᠎ᠡ᠃ ᠳᠡᠭᠦᠨ ᠶᠢᠡᠨ ᠳᠠᠭᠠᠵᠤ ᠨᠥᠭᠦᠭᠡ ᠭᠡᠳᠤ ᠨᠢ ᠴᠤ ᠠᠠᠳᠠᠭᠠᠢ᠌ᠯᠠᠨᠠ᠃ ᠭᠡᠭᠦ ᠳᠤ ᠮᠢᠨᠤ ᠴᠡᠭᠡᠵᠢᠯᠡᠵᠤ ᠪᠠᠢ᠌ᠬᠤ ᠪᠠᠷ ᠳᠠᠳᠠᠨᠤᠰ ᠴᠢᠨᠢ ᠭᠡᠯᠡ ᠨᠢ ᠭᠡᠯᠡᠵᠤ᠂ ᠡᠡᠮᠡ ᠨᠢ ᠣᠤᠭᠤᠳᠠᠭ ᠣᠯᠤᠰ᠃ ᠭᠡᠪᠠᠴᠤ ᠡᠨᠡ ᠣᠳᠠᠭ᠎ᠠ ᠴᠤᠬᠤᠮ ᠦᠷᠤᠪᠳᠠᠮᠠ ᠭᠡᠯᠡᠵᠤ ᠪᠠᠢ᠌ᠨ᠎ᠠ᠃ ᠴᠤᠤᠷᠢᠶ᠎ᠠ ᠯᠠ ᠪᠢᠰᠢ ᠳ᠋ᠠ ︕ ᠪᠢ ᠴᠢᠨᠢ ᠠᠷᠠᠢ ᠳᠠᠳᠠᠨ ᠤ ᠪᠠᠨ ᠬᠤᠰᠢᠭᠤᠴᠢ ᠭᠠᠯᠠᠭᠤ ᠪᠣᠯᠴᠢᠬᠠᠭᠰᠠᠨ ᠶᠤᠮ ᠦᠦ ︖ 《ᠮᠠᠨᠤᠰ ᠠᠷᠢᠭᠢ ᠣᠤᠭᠤᠭᠠᠤᠨ ᠪᠦᠳᠦᠭᠡᠭ᠍ᠰᠡᠨ ᠶᠠᠭᠤᠮ᠎ᠠ ᠦᠭᠡᠶ ᠪᠦᠷᠢᠯᠭᠡᠭ᠍ᠰᠡᠨ ᠢ ᠨᠢ ᠳᠤᠭᠠᠯᠠᠪᠠᠯ ᠳ᠋ᠠ ︕》 ᠭᠡᠵᠤ ᠪᠠᠰᠠ ᠨᠢᠭᠡ ᠨᠢ ᠦᠨᠡᠯᠠᠪᠠ ᠰᠢᠤ᠃ ᠪᠣᠳᠤᠪᠠᠴᠤ ᠳᠠᠢ᠌ᠮᠤ᠂ 《ᠬᠠᠯᠠᠭᠤᠨ ᠶᠢᠡᠷ ᠨᠢ ᠣᠤᠭᠤᠪᠠᠯ ᠬᠤᠳᠤᠭᠤᠳᠤᠨ ᠳᠤ ᠬᠤᠤᠷ ᠦᠭᠡᠶ᠂ ᠭᠦᠢᠳᠡᠨ ᠶᠢᠡᠷ ᠨᠢ ᠣᠤᠭᠤᠪᠠᠯ ᠡᠯᠢᠭᠡᠨ ᠳᠤ ᠬᠤᠦᠷ ᠥᠭᠡᠢ》 ᠭᠡᠵᠤ ᠬᠤᠯᠢᠵᠤ ᠰᠤᠯᠢᠵᠤ ᠬᠤᠪᠳᠤᠭᠯᠠᠨ ᠣᠤᠭᠤᠭᠰᠠᠭᠠᠷ ᠬᠤᠪᠳᠤᠯ ᠵᠢᠷᠦᠭᠡᠨ ᠳᠤ ᠪᠠᠨ ᠭᠦᠷᠳᠡᠯ᠎ᠡ ᠠᠷᠬᠠᠭ ᠲᠡᠶ ᠪᠣᠯᠭᠠᠭᠰᠠᠨ ᠨᠢ ᠮᠢᠨᠤ ᠪᠣᠳᠠᠳᠤ ᠵᠢᠱᠢᠶ᠎ᠠ᠃ ᠬᠤᠠᠳᠠᠭᠠᠨ ᠳᠤ ᠭᠢ ᠪᠠᠨ ᠬᠤᠭᠤᠰᠤᠯᠠᠴᠢᠬᠠᠶᠠ᠂ ᠯᠤᠩᠬᠤᠨ ᠳᠤ ᠭᠢ ᠪᠠᠨ ᠪᠠᠷᠠᠭᠠᠴᠢᠬᠠᠶ᠎ᠠ ᠭᠡᠵᠤ ᠰᠢᠭᠤᠳᠴᠤ ᠰᠢᠭᠢᠳᠴᠤ ᠣᠷᠤᠳᠠᠭ ᠮᠠᠨᠢ ᠡᠭᠦᠷᠭᠡ ᠪᠠᠨ ᠳᠠᠪᠠᠭᠤᠯᠤᠨ ᠪᠠᠶᠡᠯᠡᠭᠦᠯᠭᠦ ᠪᠠᠷ ᠦᠷᠭᠦᠯᠵᠢ ᠮᠠᠷᠠᠢ᠌ᠨ ᠠᠵᠢᠯᠯᠠᠳᠠᠭ ᠬᠠᠷᠢᠭᠤᠴᠠᠯᠭᠠᠳᠤ ᠣᠪᠣᠷ ᠲᠡᠶ ᠺᠠᠳ᠋ᠷ ᠠᠵᠢᠯᠴᠢᠨ ᠰᠢᠭ ᠣᠮᠤᠭ ᠲᠡᠶ ᠴᠤ᠂ ᠢᠳᠡᠭᠡᠯ ᠲᠡᠶ ᠴᠤ ᠪᠢᠯᠠ᠃ ᠣᠯᠤᠭᠰᠠᠨ ᠨᠢ ᠭᠡᠪᠠᠯ ᠣᠪᠤᠨ ᠴᠤᠪᠤᠨ ᠴᠤᠭᠯᠠᠭᠤᠯᠤᠭᠰᠠᠨ ᠰᠡᠳᠭᠢᠯ ᠤᠨ ᠨᠠᠢ᠌ᠵᠠ ᠨᠡᠷ ᠰᠠᠷᠵᠢᠮ ᠤᠨ ᠨᠠᠢ᠌ᠵᠠ ᠪᠣᠯᠵᠤ ᠬᠤᠪᠢᠷᠠᠭᠰᠠᠨ ᠳᠠᠳᠤᠢ᠂ ᠨᠡᠮᠡᠭ᠍ᠳᠡᠭᠦᠯᠭᠦ ᠭᠡᠵᠤ ᠴᠢᠷᠮᠠᠢ᠌ᠭᠰᠠᠨ ᠠᠷᠢᠭᠢᠨ ᠤ ᠭᠡᠮᠵᠢᠶ᠎ᠡ ᠪᠠᠭᠠᠰᠤᠭᠰᠠᠨ ᠡᠴᠠ ᠪᠢᠰᠢ ᠨᠡᠷᠡᠯᠭᠡᠤ ᠵᠠᠩ ᠶᠢᠡᠨ ᠬᠠᠮᠠᠭᠠᠯᠠᠵᠤ ᠴᠢᠳᠠᠭᠰᠠᠨ ᠨᠢ ᠪᠠᠰᠠ ᠨᠢᠭᠡ ᠣᠯᠵᠠ᠃ ᠣᠤᠠᠬ᠎ᠠ ᠠᠭᠤᠯᠭ᠎ᠠ ᠲᠡᠶ ᠠᠮᠢᠳᠤᠷᠠᠶ᠎ᠠ ᠭᠡᠵᠤ ᠣᠬᠠᠭᠤᠯᠵᠤ ᠣᠷᠢᠶᠠᠯᠠᠵᠤ᠂ ᠣᠷᠮᠠᠰᠢᠭᠤᠯᠵᠤ ᠣᠤᠭᠤᠭᠰᠠᠭᠠᠷ ᠣᠤᠭᠤᠭᠰᠠᠭᠠᠷ ᠪᠠᠶ᠎ᠠ ᠰᠡᠳᠭᠢᠯ ᠤᠨ ᠰᠤᠷᠪᠢ ᠣᠯᠵᠤ᠂ ᠪᠦᠭᠦᠢᠯᠡ ᠨᠠᠰᠤᠨ ᠤ ᠪᠠᠯᠠᠷᠠᠰᠢ ᠦᠭᠡᠶ ᠳᠤᠷᠠᠰᠬᠠᠯ ᠳᠠᠮᠠᠭᠠᠯᠠᠭᠰᠠᠨ ᠮᠠᠨᠢ ᠨᠥᠭᠦᠭᠡ ᠨᠢᠭᠡ ᠣᠯᠵᠠ᠃
ᠲ᠋ᠤᠭᠤᠰᠤ ᠳᠤᠷᠳᠠᠭ ᠰᠠᠭᠤᠵᠤ᠂ ᠳᠤᠷᠠᠵᠤ ᠬᠠᠷᠠᠯᠠᠭᠰᠠᠨ ᠴᠢᠷᠠᠢ ᠪᠠᠨ ᠳᠤᠯᠢᠳᠠᠬᠤ ᠪᠦᠷᠢ᠄ 《ᠠᠷᠢᠭᠢᠨ ᠤ ᠭᠦᠮᠤᠨ ᠠᠩᠭ᠎ᠠ᠂ ᠴᠠᠭ ᠶᠢᠡᠨ ᠪᠠᠷᠠᠨ᠎ᠠ᠂ ᠵᠤᠭᠤᠰ ᠶᠢᠡᠨ ᠪᠠᠷᠠᠨ᠎ᠠ᠂ ᠪᠠᠶ᠎ᠠ ᠪᠠᠨ ᠪᠠᠷᠠᠨ᠎ᠠ᠂ ᠠᠯᠢ ᠡᠴᠠ ᠨᠢ ᠠᠶᠤᠯᠳᠠᠢ ᠨᠢ ᠭᠦᠮᠤᠨ ᠶᠢᠡᠨ ᠪᠠᠷᠠᠨ᠎ᠠ ︕》 ᠭᠡᠵᠤ ᠠᠪᠣ ᠶᠢᠨ ᠮᠢᠨᠢ ᠭᠡᠯᠡᠭ᠍ᠰᠡᠨ ᠨᠢ ᠠᠭᠢᠨ ᠰᠠᠨᠠᠭᠳᠠᠭᠠᠤᠨ ᠪᠠᠢ᠌ᠬᠤ ᠨᠢ ᠠᠬᠠᠮᠠᠤᠨ ᠤᠨ ᠰᠤᠷᠭᠠᠯ ᠦᠨᠡᠨ ᠣᠨᠤᠴᠢᠳᠠᠢ ᠪᠠᠢ᠌ᠵᠠᠢ᠃
ᠠᠷᠢᠭᠢᠨ ᠡᠴᠠ ᠵᠤᠭᠰᠠᠤᠭᠰᠠᠨ ᠡᠳᠦᠷ ᠤᠳ ᠲᠤ ᠰᠡᠳᠭᠢᠯ ᠰᠠᠨᠠᠭ᠎ᠠ ᠳᠤᠭᠳᠠᠪᠣᠷᠢᠵᠢᠵᠤ᠂ ᠰᠡᠯᠡᠭᠦᠤ ᠴᠠᠭ ᠣᠯᠠᠰᠢᠷᠠᠵᠤ ᠢᠷᠡᠭᠦ ᠳᠤ ᠳᠸᠯᠸᠢᠰ ᠥᠵᠡᠭᠦ ᠪᠣᠯᠪᠠ᠂ ᠰᠤᠨᠢᠨ ᠣᠩᠰᠢᠬᠤ ᠪᠣᠯᠪᠠ᠂ ᠰᠡᠳᠭᠦᠯ ᠣᠷᠪᠠᠭᠤᠯᠬᠤ ᠪᠣᠯᠪᠠ᠃ ᠬᠠᠶᠠ ᠬᠤᠶᠠᠷ ᠪᠦᠳᠦᠭᠡᠯ ᠶᠢᠡᠨ ᠬᠠᠮᠢᠭ᠎ᠠ ᠨᠢᠭᠡ ᠰᠤᠨᠢᠨ ᠰᠡᠳᠭᠦᠯ ᠳᠤ ᠨᠡᠢ᠌ᠳᠡᠯᠡᠭᠦᠯᠴᠢᠭᠡᠭᠡᠳ ᠰᠡᠳᠭᠢᠯ ᠬᠠᠩᠬᠤᠯᠤᠭᠤᠨ ᠶᠠᠪᠣᠬᠤ ᠴᠤ ᠪᠣᠯᠪᠠ᠁ ᠡᠢ᠌ᠮᠤ ᠠᠮᠢᠳᠤᠷᠠᠯ ᠶᠢᠡᠨ ᠪᠢ ᠠᠷᠢᠭᠢ ᠰᠢᠭ ᠪᠠᠯᠭᠤᠵᠤ ᠪᠠᠢ᠌ᠨ᠎ᠠ᠃
ᠠᠷᠢᠭᠢ ᠦᠭᠡᠶ ᠡᠳᠦᠷ ᠤᠳ ᠲᠤ ᠠᠳᠠᠯᠢᠬᠠᠨ ᠠᠮᠢᠳᠤᠷᠠᠵᠤ ᠪᠣᠯᠬᠤ ᠶᠤᠮ ᠪᠠᠢ᠌ᠨ᠎ᠠ ︕ ᠨᠠᠭᠠᠳᠤ ᠵᠠᠬ᠎ᠠ ᠳᠤ ᠪᠠᠨ᠁
ᠵᠤᠬᠢᠶᠠᠭᠴᠢ ᠶᠢᠨ ᠬᠠᠶᠢᠭ ᠄ ᠵᠠᠷᠤᠳ
ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6189
ᠴᠠᠭ᠄ 2011 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ