ᠨᠡᠪᠲᠡᠷᠡᠨ ᠤᠷᠤᠬᠤ
ᠤᠷᠤᠭ ᠤᠨ ᠬᠠᠤᠯᠢ

ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠤᠯᠤᠰ ᠤᠨ ᠤᠷᠤᠭ ᠤᠨ ᠬᠠᠤᠯᠢ


(1980 ᠣᠨ ᠤ 9 ᠰᠠᠷ᠎ᠠ ᠶᠢᠨ 10 ᠤ ᠡᠳᠦᠷ ᠳᠠᠪᠣᠳᠤᠭᠠᠷ ᠬᠤᠭᠤᠴᠠᠭᠠᠨ ᠤ ᠪᠦᠭᠦ ᠣᠯᠤᠰ ᠤᠨ ᠠᠷᠠᠤᠨ ᠤᠨ ᠳᠦᠯᠦᠭᠡᠯᠡᠭ᠍ᠴᠢᠤᠨ ᠤᠨ ᠶᠡᠭᠡ ᠬᠤᠷᠠᠯ ᠤᠨ ᠭᠤᠷᠪᠠᠳᠤᠭᠠᠷ ᠬᠤᠷᠠᠯ ᠡᠴᠡ ᠪᠠᠳᠤᠯᠠᠪᠠ᠂ 2001 ᠣᠨ ᠤ 4 ᠰᠠᠷ᠎ᠠ ᠶᠢᠨ 28 ᠤ ᠡᠳᠦᠷ ᠶ‍ᠢᠰᠦᠳᠦᠭᠡᠷ ᠬᠤᠭᠤᠴᠠᠭᠠᠨ ᠤ ᠪᠦᠭᠦ ᠣᠯᠤᠰ ᠤᠨ ᠠᠷᠠᠤᠨ ᠤᠨ ᠳᠦᠯᠦᠭᠡᠯᠡᠭ᠍ᠴᠢᠤᠨ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠬᠤᠷᠢᠨ ᠨᠢᠭᠡᠳᠦᠭᠡᠷ ᠬᠤᠷᠠᠯ ᠳᠡᠬᠡᠷ᠎ᠡ《ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠤᠨ ᠣᠷᠤᠭ ᠤᠨ ᠬᠠᠤᠯᠢ ᠳᠤ ᠵᠠᠰᠠᠪᠣᠷᠢ ᠣᠷᠤᠭᠤᠯᠬᠤ ᠳᠤᠬᠠᠢ ᠳᠤᠭᠳᠠᠭᠠᠯ》 ᠢ ᠦᠨᠳᠦᠰᠦᠯᠠᠨ ᠵᠠᠰᠠᠪᠣᠷᠢ ᠣᠷᠤᠭᠤᠯᠪᠠ )


ᠭᠠᠷᠴᠠᠭ

ᠨᠢᠭᠡᠳᠦᠭᠡᠷ ᠪᠦᠯᠦᠭ᠌ ᠶᠡᠷᠦᠩᠭᠡᠢ ᠳᠦᠷᠢᠮ

ᠬᠤᠶᠠᠳᠤᠭᠠᠷ ᠪᠦᠯᠦᠭ᠌ ᠣᠷᠤᠭ ᠪᠠᠷᠢᠯᠳᠤᠬᠤ

ᠭᠤᠷᠪᠠᠳᠤᠭᠠᠷ ᠪᠦᠯᠦᠭ᠌ ᠭᠡᠷ ᠪᠦᠯᠢ ᠶᠢᠨ ᠬᠠᠷᠢᠴᠠᠭ᠎ᠠ

ᠳᠦᠷᠪᠠᠳᠦᠭᠡᠷ ᠪᠦᠯᠦᠭ᠌ ᠣᠷᠤᠭ ᠰᠠᠯᠠᠬᠤ

ᠳᠠᠪᠣᠳᠤᠭᠠᠷ ᠪᠦᠯᠦᠭ᠌ ᠠᠪᠣᠷᠠᠨ ᠳᠤᠰᠠᠯᠠᠬᠤ ᠠᠷᠭ᠎ᠠ ᠭᠡᠮᠵᠢᠶ᠎ᠡ ᠭᠢᠭᠡᠤᠨ ᠬᠠᠤᠯᠢ ᠶᠢᠨ ᠬᠠᠷᠢᠭᠤᠴᠠᠯᠭ᠎ᠠ

ᠵᠢᠷᠭᠤᠳᠤᠭᠠᠷ ᠪᠦᠯᠦᠭ᠌ ᠳᠠᠭᠠᠯᠳᠤᠭᠤᠯᠤᠭᠰᠠᠨ ᠳᠦᠷᠢᠮ


ᠨᠢᠭᠡᠳᠦᠭᠡᠷ ᠪᠦᠯᠦᠭ᠌   ᠶᠡᠷᠦᠩᠭᠡᠢ ᠳᠦᠷᠢᠮ


ᠨᠢᠭᠡᠳᠦᠭᠡᠷ ᠵᠣᠢ᠌ᠯ ᠳᠤᠰ ᠬᠠᠤᠯᠢ ᠪᠣᠯ ᠣᠷᠤᠭ ᠭᠡᠷ ᠪᠦᠯᠢ ᠶᠢᠨ ᠬᠠᠷᠢᠴᠠᠭᠠᠨ ᠤ ᠦᠨᠳᠦᠰᠦᠨ ᠪᠠᠷᠢᠮᠵᠢᠶ᠎ᠠ ᠪᠣᠯᠤᠨ᠎ᠠ᠃

ᠬᠤᠶᠠᠳᠤᠭᠠᠷ ᠵᠣᠢ᠌ᠯ ᠣᠷᠤᠭ ᠤᠨ ᠶᠠᠪᠣᠳᠠᠯ ᠳᠤ ᠡᠷᠭᠡ ᠴᠢᠯᠦᠭᠡ ᠲᠡᠶ ᠪᠠᠢ᠌ᠬᠤ᠂ ᠨᠢᠭᠡ ᠡᠷ᠎ᠡ ᠨᠢᠭᠡ ᠡᠭᠡᠨᠡᠷ ᠲᠡᠶ ᠪᠠᠢ᠌ᠬᠤ᠂ ᠡᠷᠡᠭ᠍ᠳᠡᠢ ᠡᠮᠡᠭ᠍ᠳᠡᠢ ᠡᠷᠭᠡ ᠳᠡᠭ᠍ᠰᠢ ᠪᠠᠢ᠌ᠬᠤ ᠣᠷᠤᠭ ᠤᠨ ᠳᠦᠷᠢᠮ ᠢ ᠭᠡᠷᠡᠭ᠍ᠵᠢᠭᠦᠯᠦᠨ᠎ᠡ᠃ ᠡᠮᠡᠭ᠍ᠳᠡᠢ᠌ᠴᠦᠳ᠂ ᠭᠡᠦᠭᠡᠤᠨ ᠪᠠ ᠨᠠᠰᠤᠳᠠᠢ᠌ᠴᠤᠳ ᠤᠨ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠨ᠎ᠠ᠃ ᠳᠦᠯᠦᠪᠯᠡᠭᠡ ᠲᠡᠶ ᠭᠡᠦᠭᠡᠤᠨ ᠠᠪᠬᠤ ᠶᠢ ᠭᠡᠷᠡᠭ᠍ᠵᠢᠭᠦᠯᠦᠨ᠎ᠡ᠃

ᠭᠤᠷᠪᠠᠳᠤᠭᠠᠷ ᠵᠣᠢ᠌ᠯ ᠳᠤᠯᠤᠭᠠᠢ ᠮᠡᠳᠡᠭᠦᠯᠭᠦ ᠦᠭᠡᠶ ᠣᠷᠤᠭ᠂ ᠬᠤᠳᠠᠯᠳᠤᠭᠠᠨ ᠤ ᠣᠷᠤᠭ ᠪᠠ ᠣᠷᠤᠭ ᠤᠨ ᠡᠷᠭᠡ ᠴᠢᠯᠦᠭᠡᠨ ᠳᠤ ᠭᠠᠷ ᠳᠦᠷᠦᠭᠦ ᠪᠣᠰᠤᠳ ᠣᠢ᠌ᠯᠠ ᠠᠵᠢᠯᠯᠠᠭ᠎ᠠ ᠶᠢ ᠴᠠᠭᠠᠵᠠᠯᠠᠨ᠎ᠠ᠃ ᠣᠷᠤᠭ ᠤᠨ ᠶᠠᠪᠣᠳᠠᠯ ᠶᠢᠡᠷ ᠰᠢᠯᠳᠠᠭ ᠪᠣᠯᠭᠠᠵᠤ ᠡᠳ᠋ ᠮᠥᠩᠭᠦ ᠠᠪᠬᠤ ᠶᠢ ᠴᠠᠭᠠᠵᠠᠯᠠᠨ᠎ᠠ᠃

ᠳᠠᠪᠬᠤᠷ ᠣᠷᠤᠭᠯᠠᠬᠤ ᠶᠢ ᠴᠠᠭᠠᠵᠠᠯᠠᠨ᠎ᠠ᠃ ᠬᠤᠯᠪᠣᠰᠤ ᠲᠡᠶ ᠪᠠᠢ᠌ᠭᠠᠤᠨ ᠪᠣᠰᠤᠳ ᠭᠦᠮᠤᠨ ᠲᠡᠶ ᠬᠠᠨᠢᠯᠠᠨ ᠰᠠᠭᠤᠬᠤ ᠶᠢ ᠴᠠᠭᠠᠵᠠᠯᠠᠨ᠎ᠠ᠃ ᠭᠡᠷ ᠪᠦᠯᠢ ᠶᠢᠨ ᠭᠦᠴᠦᠷᠭᠡᠭ᠍ᠯᠡᠯ ᠶᠠᠪᠣᠭᠤᠯᠬᠤ ᠶᠢ ᠴᠠᠭᠠᠵᠠᠯᠠᠨ᠎ᠠ᠃

ᠭᠡᠷ ᠪᠦᠯᠢ ᠶᠢᠨ ᠪᠦᠷᠢᠯᠳᠦᠭᠦᠨ ᠤ ᠬᠤᠭᠤᠷᠤᠠᠳᠤ ᠪᠠᠨ ᠬᠠᠯᠠ ᠥᠵᠡᠭᠦᠯᠭᠦ ᠪᠠ ᠭᠤᠯᠤᠵᠤ ᠣᠷᠭᠢᠬᠤ ᠶᠢ ᠴᠠᠭᠠᠵᠠᠯᠠᠨ᠎ᠠ᠃

ᠳᠦᠷᠪᠠᠳᠦᠭᠡᠷ ᠵᠣᠢ᠌ᠯ ᠡᠷ᠎ᠡ ᠡᠮ᠎ᠡ ᠬᠤᠶᠠᠭᠤᠯᠠ ᠪᠠᠶ᠎ᠠ ᠳᠡᠭᠡᠨ ᠦᠨᠡᠠᠴᠢ ᠪᠠᠢ᠌ᠵᠤ᠂ ᠪᠠᠶ᠎ᠠ ᠪᠠᠶ᠎ᠠ ᠪᠠᠨ ᠭᠦᠡᠳᠦᠦᠡᠭᠡᠭᠦ ᠭᠡᠷᠡᠭ᠍ᠳᠡᠢ ; ᠭᠡᠷ ᠪᠦᠯᠢ ᠶᠢᠨ ᠪᠦᠷᠢᠯᠳᠦᠭᠦᠨ ᠨᠤᠭᠦᠳ ᠬᠤᠭᠤᠷᠤᠠᠳᠤ ᠪᠠᠨ ᠨᠠᠰᠤᠳᠠᠨ ᠶᠢᠡᠨ ᠭᠦᠡᠳᠦᠯᠡᠨ ᠨᠢᠯᠬᠠᠰ ᠶᠢᠡᠨ ᠬᠠᠢ᠌ᠷᠠᠯᠠᠵᠤ᠂ ᠪᠠᠶ᠎ᠠ ᠪᠠᠶ᠎ᠠ ᠳᠡᠭᠡᠨ ᠳᠤᠰᠠᠯᠠᠯᠴᠠᠵᠤ᠂ ᠡᠷᠭᠡ ᠳᠡᠭ᠍ᠰᠢ᠂ ᠡᠶ᠎ᠡ ᠨᠠᠢ᠌ᠷᠳᠠᠢ᠂ ᠪᠣᠯᠪᠠᠰᠤᠨ ᠰᠠᠢ᠌ᠬᠠᠨ ᠪᠠᠢ᠌ᠬᠤ ᠣᠷᠤᠭ ᠭᠡᠷ ᠪᠦᠯᠢ ᠶᠢᠨ ᠬᠠᠷᠢᠴᠠᠭ᠎ᠠ ᠶᠢ ᠬᠠᠮᠠᠭᠠᠯᠠᠬᠤ ᠭᠡᠷᠡᠭ᠍ᠳᠡᠢ᠃


ᠬᠤᠶᠠᠳᠤᠭᠠᠷ ᠪᠦᠯᠦᠭ᠌   ᠣᠷᠤᠭ ᠪᠠᠷᠢᠯᠳᠤᠬᠤ


ᠳᠠᠪᠣᠳᠤᠭᠠᠷ ᠵᠣᠢ᠌ᠯ ᠣᠷᠤᠭ ᠪᠠᠷᠢᠯᠳᠤᠬᠤ ᠳᠤ ᠡᠷᠭᠡᠪᠰᠢ ᠡᠷᠡᠭ᠍ᠳᠡᠢ ᠡᠮᠡᠭ᠍ᠳᠡᠢ ᠬᠤᠶᠠᠷ ᠡᠳᠡᠭᠡᠤᠨ ᠪᠦᠷᠢᠮᠦᠰᠤᠨ ᠰᠠᠢ᠌ᠨ ᠳᠤᠷ᠎ᠠ ᠡᠴᠡ ᠪᠠᠨ ᠪᠠᠢ᠌ᠬᠤ ᠭᠡᠷᠡᠭ᠍ᠳᠡᠢ᠂ ᠠᠯᠢ ᠨᠢᠭᠡ ᠡᠳᠡᠭᠡᠤᠨ ᠨᠢ ᠨᠥᠭᠦᠭᠡ ᠡᠳᠡᠭᠡᠤᠨ ᠶᠢᠡᠨ ᠠᠯᠪᠠᠳᠠᠬᠤ ᠪᠣᠶᠤ ᠶᠠᠮᠠᠷᠪᠠ ᠭᠤᠷᠪᠠᠳᠠᠭᠢ ᠡᠳᠡᠭᠡᠤᠨ ᠭᠠᠷ ᠲᠦᠷᠦᠵᠤ ᠪᠣᠯᠬᠤ ᠦᠭᠡᠶ᠃

ᠵᠢᠷᠭᠤᠳᠤᠭᠠᠷ ᠵᠣᠢ᠌ᠯ ᠣᠷᠤᠭᠯᠠᠬᠤ ᠨᠠᠰᠤ᠂ ᠡᠷᠡᠭ᠍ᠳᠡᠢ ᠪᠦᠭᠦᠯᠢ ᠬᠤᠷᠢᠨ ᠬᠤᠶᠠᠷ ᠨᠠᠰᠤᠨ ᠡᠴᠡ ᠡᠮᠦᠨ᠎ᠡ ᠣᠷᠤᠭᠯᠠᠵᠤ ᠪᠣᠯᠬᠤ ᠦᠭᠡᠶ᠂ ᠡᠮᠡᠭ᠍ᠳᠡᠢ ᠪᠦᠭᠦᠯᠢ ᠬᠤᠷᠢᠨ ᠨᠠᠰᠤᠨ ᠡᠴᠡ ᠡᠮᠦᠨ᠎ᠡ ᠣᠷᠤᠭᠯᠠᠵᠤ ᠪᠣᠯᠬᠤ ᠦᠭᠡᠶ᠃ ᠣᠷᠤᠢ ᠣᠷᠤᠭᠯᠠᠵᠤ᠂ ᠣᠷᠤᠢ ᠭᠡᠦᠭᠡᠤᠨ ᠠᠪᠬᠤ ᠶᠢ ᠬᠦᠬᠢᠬᠦᠯᠤᠨ ᠵᠤᠷᠢᠭᠵᠢᠭᠤᠯᠬᠤ ᠭᠡᠷᠡᠭ᠍ᠳᠡᠢ᠃

ᠳᠤᠯᠤᠳᠤᠭᠠᠷ ᠵᠣᠢ᠌ᠯ ᠳᠤᠤᠷ᠎ᠠ ᠵᠢᠬᠰᠠᠭᠠᠭᠰᠠᠨ ᠪᠠᠢ᠌ᠳᠠᠯ ᠤᠳ ᠤᠨ ᠨᠢᠭᠡ ᠨᠢ ᠪᠠᠢ᠌ᠪᠠᠯ ᠣᠷᠤᠭᠯᠠᠬᠤ ᠶᠢ ᠴᠠᠭᠠᠵᠠᠯᠠᠨ᠎ᠠ᠄

( ᠨᠢᠭᠡ )ᠰᠢᠭᠤᠳ ᠴᠢᠰᠤᠨ ᠲᠦᠷᠦᠯ ᠪᠣᠯᠬᠤ ᠪᠠ ᠭᠤᠷᠪᠠᠨ ᠦᠶ᠎ᠡ ᠶᠢᠨ ᠳᠤᠳᠤᠷᠠᠭᠢ ᠦᠶᠡᠯᠢᠤᠨ ᠬᠠᠶᠠᠯᠢᠤᠨ ᠴᠢᠰᠤᠨ ᠲᠦᠷᠦᠯ ᠪᠣᠯᠬᠤ ;

( ᠬᠤᠶᠠᠷ)ᠡᠮᠨᠡᠯᠭᠡ ᠶᠢᠨ ᠣᠬᠠᠭᠠᠨ ᠳᠤ ᠣᠷᠤᠭᠯᠠᠵᠤ ᠪᠣᠯᠬᠤ ᠦᠭᠡᠶ ᠭᠡᠵᠤ ᠥᠵᠡᠭ᠍ᠰᠡᠨ ᠡᠪᠠᠦᠡᠴᠢᠨ ᠳᠤ ᠨᠡᠷᠪᠠᠭ᠍ᠳᠡᠭ᠍ᠰᠡᠳ᠃

ᠨᠠᠢ᠍ᠮᠠᠳᠤᠭᠠᠷ ᠵᠣᠢ᠌ᠯ ᠣᠷᠤᠭ ᠪᠠᠷᠢᠯᠳᠤᠬᠤ ᠪᠠᠷ ᠪᠣᠯᠤᠭᠰᠠᠨ ᠡᠷᠡᠭ᠍ᠳᠡᠢ ᠡᠮᠡᠭ᠍ᠳᠡᠢ ᠬᠤᠶᠠᠭᠤᠯᠠ ᠪᠠᠨ ᠣᠷᠤᠭ ᠤᠨ ᠪᠦᠷᠢᠦᠡᠭᠡᠯ ᠤᠨ ᠪᠠᠢ᠌ᠭᠤᠯᠤᠯᠭ᠎ᠠ ᠳᠤ ᠡᠷᠭᠡᠪᠰᠢ ᠪᠠᠶ᠎ᠠ ᠪᠠᠷ ᠶᠢᠡᠨ ᠣᠴᠢᠵᠤ ᠣᠷᠤᠭ ᠪᠠᠷᠢᠯᠳᠤᠬᠤ ᠪᠠᠷ ᠪᠦᠷᠢᠦᠡᠭᠡᠭᠦᠯᠭᠦ ᠭᠡᠷᠡᠭ᠍ᠳᠡᠢ᠃ ᠳᠤᠰ ᠬᠠᠤᠯᠢ ᠶᠢᠨ ᠳᠤᠭᠳᠠᠭᠠᠯ ᠳᠤ ᠨᠡᠢ᠌ᠴᠡᠭ᠍ᠰᠡᠨ ᠪᠠᠢ᠌ᠪᠠᠯ ᠪᠦᠷᠢᠦᠡᠭᠡᠨ ᠥᠭ᠍ᠴᠤ᠂ ᠣᠷᠤᠭ ᠤᠨ ᠦᠨᠡᠮᠯᠠᠯ ᠣᠯᠭᠤᠨ᠎ᠠ᠂ ᠣᠷᠤᠭ ᠤᠨ ᠦᠨᠡᠮᠯᠠᠯ ᠣᠯᠤᠮᠠᠭᠴᠠ ᠡᠷ᠎ᠡ ᠡᠮ᠎ᠡ ᠪᠣᠯᠤᠨ᠎ᠠ᠃ ᠣᠷᠤᠭ ᠪᠠᠷᠢᠯᠳᠤᠬᠤ ᠪᠦᠷᠢᠦᠡᠭᠡᠯ ᠭᠢᠭ᠍ᠰᠡᠨ ᠦᠭᠡᠶ ᠪᠠᠢ᠌ᠪᠠᠯ᠂ ᠨᠥᠭᠦᠨ ᠪᠦᠷᠢᠦᠡᠭᠡᠭᠦ ᠭᠡᠷᠡᠭ᠍ᠳᠡᠢ᠃

ᠶ‍ᠢᠰᠦᠳᠦᠭᠡᠷ ᠵᠣᠢ᠌ᠯ ᠪᠦᠷᠢᠦᠡᠭᠡᠭ᠍ᠰᠡᠨ ᠣᠷᠤᠭ ᠪᠠᠷᠢᠯᠳᠤᠭᠰᠠᠨ ᠤ ᠳᠠᠷᠠᠭ᠎ᠠ᠂ ᠡᠷᠡᠭ᠍ᠳᠡᠢ ᠡᠮᠡᠭ᠍ᠳᠡᠢ ᠬᠤᠶᠠᠷ ᠡᠳᠡᠭᠡᠤᠨ ᠤᠨ ᠪᠣᠯᠵᠤᠭ᠎ᠠ ᠪᠠᠷ ᠶᠢᠡᠨ ᠡᠮᠡᠭ᠍ᠳᠡᠢ ᠨᠢ ᠡᠷᠡᠭ᠍ᠳᠡᠢ ᠡᠳᠡᠭᠡᠤᠨ ᠤᠨ ᠶᠢᠡᠨ ᠭᠡᠷ ᠪᠦᠯᠢ ᠵᠢᠨ ᠪᠦᠷᠢᠯᠳᠦᠭᠦᠨ ᠪᠣᠯᠵᠤ ᠪᠣᠯᠤᠨ᠎ᠠ᠂ ᠡᠷᠡᠭ᠍ᠳᠡᠢ ᠨᠢ ᠡᠮᠡᠭ᠍ᠳᠡᠢ ᠡᠳᠡᠭᠡᠤᠨ ᠤᠨ ᠶᠢᠡᠨ ᠭᠡᠷ ᠪᠦᠯᠢ ᠶᠢᠨ ᠪᠦᠷᠢᠯᠳᠦᠭᠦᠨ ᠪᠣᠯᠵᠤ ᠪᠣᠯᠤᠨ᠎ᠠ᠃

ᠠᠷᠪᠠᠳᠤᠭᠠᠷ ᠵᠣᠢ᠌ᠯ ᠳᠤᠤᠷ᠎ᠠ ᠵᠢᠬᠰᠠᠭᠠᠭᠰᠠᠨ ᠪᠠᠢ᠌ᠳᠠᠯ ᠤᠳ ᠤᠨ ᠨᠢᠭᠡ ᠨᠢ ᠪᠠᠢ᠌ᠪᠠᠯ᠂ ᠣᠷᠤᠭ ᠨᠢ ᠭᠦᠴᠤᠨ ᠦᠭᠡᠶ ᠣᠷᠤᠭ ᠪᠣᠯᠤᠨ᠎ᠠ᠄

( ᠨᠢᠭᠡ )ᠳᠠᠪᠬᠤᠷ ᠣᠷᠤᠭᠯᠠᠭᠰᠠᠨ ;

( ᠬᠤᠶᠠᠷ )ᠣᠷᠤᠭᠯᠠᠬᠤ ᠶᠢ ᠴᠠᠭᠠᠵᠠᠯᠠᠭᠰᠠᠨ ᠲᠦᠷᠦᠯ ᠰᠠᠳᠤᠨ ᠤ ᠬᠠᠷᠢᠴᠠᠭ᠎ᠠ ᠲᠡᠶ ᠪᠠᠢ᠌ᠭᠰᠠᠨ ;

( ᠭᠤᠷᠪᠠ )ᠣᠷᠤᠭᠯᠠᠬᠤ ᠡᠴᠡ ᠡᠮᠦᠨ᠎ᠡ ᠡᠮᠨᠡᠯᠭᠡ ᠶᠢᠨ ᠣᠬᠠᠭᠠᠨ ᠳᠤ ᠣᠷᠤᠭᠯᠠᠵᠤ ᠪᠣᠯᠬᠤ ᠦᠭᠡᠶ ᠭᠡᠵᠤ ᠥᠵᠡᠭ᠍ᠰᠡᠨ ᠡᠪᠠᠦᠡᠴᠢᠨ ᠳᠤ ᠨᠡᠷᠪᠠᠭ᠍ᠳᠡᠵᠤ᠂ ᠣᠷᠤᠭᠯᠠᠭᠰᠠᠨ ᠤ ᠰᠡᠭᠦᠯᠡᠷ ᠡᠮᠨᠡᠭᠦᠯᠦᠭᠡᠤᠨ ᠡᠰᠡ ᠡᠳᠡᠭᠡᠷᠡᠭ᠍ᠰᠡᠨ ;

( ᠳᠦᠷᠪᠡ )ᠬᠠᠤᠯᠢ ᠳᠤ ᠳᠤᠭᠳᠠᠭᠠᠭᠰᠠᠨ ᠣᠷᠤᠭᠯᠠᠬᠤ ᠨᠠᠰᠤᠨ ᠳᠤ ᠭᠦᠷᠦᠭᠡᠳᠦᠢ ᠪᠠᠢ᠌ᠭᠰᠠᠨ᠃

ᠠᠷᠪᠠᠨ ᠨᠢᠭᠡᠳᠦᠭᠡᠷ ᠵᠣᠢ᠌ᠯ ᠪᠣᠰᠤᠳ ᠤᠨ ᠰᠥᠷᠳᠡᠭᠦᠯᠭᠡ ᠪᠠᠷ ᠣᠷᠤᠭᠯᠠᠭᠰᠠᠨ ᠪᠠᠢ᠌ᠪᠠᠯ ᠰᠥᠷᠳᠡᠭ᠍ᠳᠡᠭ᠍ᠰᠡᠨ ᠡᠳᠡᠭᠡᠤᠨ ᠨᠢ ᠳᠤᠰ ᠣᠷᠤᠭ ᠢ ᠴᠤᠴᠠᠯᠤᠭᠤᠯᠬᠤ ᠭᠤᠶᠤᠴᠢᠯᠠᠯ ᠶᠢᠡᠨ ᠣᠷᠤᠭ ᠪᠦᠷᠢᠦᠡᠭᠡᠭᠦᠯᠦᠭ᠍ᠰᠡᠨ ᠡᠳᠦᠷ ᠡᠴᠡ ᠡᠭᠢᠯᠡᠨ ᠨᠢᠭᠡ ᠵᠢᠯ ᠤᠨ ᠳᠤᠳᠤᠷ᠎ᠠ ᠳᠤᠷᠠᠤᠠᠬᠤ ᠭᠡᠷᠡᠭ᠍ᠳᠡᠢ᠃ ᠪᠠᠶ᠎ᠠ ᠶᠢᠨ ᠡᠷᠭᠡ ᠴᠢᠯᠦᠭᠡ ᠨᠢ ᠬᠠᠤᠯᠢ ᠪᠣᠰᠤ ᠪᠠᠷ ᠭᠢᠵᠠᠭᠠᠷᠯᠠᠭᠳᠠᠭᠰᠠᠨ ᠳᠤᠬᠠᠢ ᠶᠢᠨ ᠭᠦᠮᠤᠨ ᠣᠷᠤᠭ ᠴᠤᠴᠠᠯᠤᠭᠤᠯᠬᠤ ᠪᠠᠷ ᠭᠤᠶᠤᠴᠢᠯᠠᠬᠤ ᠳᠤ ᠭᠦᠷᠪᠠᠯ᠂ ᠪᠠᠶ᠎ᠠ ᠶᠢᠨ ᠡᠷᠭᠡ ᠴᠢᠯᠦᠭᠡ ᠲᠡᠶ ᠪᠣᠯᠤᠭᠰᠠᠨ ᠡᠳᠦᠷ ᠡᠴᠡ ᠡᠭᠢᠯᠡᠨ ᠨᠢᠭᠡ ᠵᠢᠯ ᠤᠨ ᠳᠤᠳᠤᠷ᠎ᠠ ᠳᠤᠷᠠᠤᠠᠬᠤ ᠭᠡᠷᠡᠭ᠍ᠳᠡᠢ᠃

ᠠᠷᠪᠠᠨ ᠬᠤᠶᠠᠳᠤᠭᠠᠷ ᠵᠣᠢ᠌ᠯ ᠭᠦᠴᠤᠨ ᠦᠭᠡᠶ ᠪᠣᠶᠤ ᠴᠤᠴᠠᠯᠤᠭᠳᠠᠭᠰᠠᠨ ᠣᠷᠤᠭ ᠪᠣᠯ ᠡᠭᠢᠯᠡᠭᠦ ᠡᠴᠡ ᠪᠠᠨ ᠠᠪᠣᠭᠠᠤᠨ ᠭᠦᠴᠤᠨ ᠦᠭᠡᠶ᠃ ᠳᠤᠬᠠᠢ ᠶᠢᠨ ᠭᠦᠮᠤᠨ ᠳᠤ ᠡᠷ᠎ᠡ ᠡᠮ᠎ᠡ ᠶᠢᠨ ᠡᠷᠭᠡ ᠪᠠ ᠡᠭᠦᠷᠭᠡ ᠪᠠᠢ᠌ᠬᠤ ᠦᠭᠡᠶ᠃ ᠬᠠᠨᠢᠯᠠᠨ ᠰᠠᠭᠤᠵᠤ ᠪᠠᠢ᠌ᠭᠰᠠᠨ ᠬᠤᠭᠤᠴᠠᠭᠠᠨ ᠳᠠᠭᠠᠨ ᠣᠯᠤᠭᠰᠠᠨ ᠡᠳ᠋ ᠭᠦᠷᠦᠩᠭᠡ ᠪᠠᠨ ᠳᠤᠬᠠᠢ ᠶᠢᠨ ᠭᠦᠮᠤᠨ ᠨᠢ ᠭᠡᠯᠡᠯᠴᠡᠵᠤ ᠪᠠᠢ᠌ᠭᠠᠤᠨ ᠰᠢ᠌ᠤᠠᠪᠣᠷᠢᠯᠠᠨ᠎ᠠ ; ᠭᠡᠯᠡᠯᠴᠡᠭᠡᠤᠨ ᠪᠦᠳᠦᠭ᠍ᠰᠡᠨ ᠦᠭᠡᠶ ᠦᠶ᠎ᠡ ᠳᠤ ᠠᠷᠠᠤᠨ ᠤᠨ ᠰᠢᠭᠦᠭᠦ ᠬᠤᠷᠢᠶ᠎ᠠ ᠡᠴᠡ ᠪᠣᠷᠤᠭᠤ ᠦᠭᠡᠶ ᠡᠳᠡᠭᠡᠤᠨ ᠢ ᠬᠠᠷᠠᠭᠠᠯᠵᠠᠬᠤ ᠵᠠᠷᠴᠢᠮ ᠢ ᠦᠨᠳᠦᠰᠦᠯᠠᠨ ᠰᠢᠭᠦᠨ ᠳᠠᠰᠤᠯᠤᠨ᠎ᠠ᠃ ᠳᠠᠪᠬᠤᠷ ᠣᠷᠤᠭᠯᠠᠭᠰᠠᠨ ᠡᠴᠡ ᠪᠣᠯᠵᠤ ᠭᠦᠴᠤᠨ ᠦᠭᠡᠶ ᠪᠣᠯᠤᠭᠰᠠᠨ ᠣᠷᠤᠭ ᠤᠨ ᠡᠳ᠋ ᠭᠦᠷᠦᠩᠭᠡ ᠶᠢ ᠰᠢ᠌ᠦᠡᠪᠦᠷᠢᠯᠡᠭᠦ ᠳᠡᠭᠡᠨ ᠬᠠᠤᠯᠢ ᠶᠤᠰᠤᠭᠠᠷ ᠣᠷᠤᠭ ᠪᠠᠷᠢᠯᠳᠤᠭᠰᠠᠨ ᠳᠤᠬᠠᠢ ᠶᠢᠨ ᠭᠦᠮᠤᠨ ᠤ ᠡᠳ᠋ ᠭᠦᠷᠦᠩᠭᠡ ᠶᠢᠨ ᠡᠷᠭᠡ ᠠᠰᠢᠭ ᠢ ᠬᠤᠭᠢᠷᠠᠭᠤᠯᠵᠤ ᠪᠣᠯᠬᠤ ᠦᠭᠡᠶ᠃ ᠳᠤᠬᠠᠢ ᠶᠢᠨ ᠭᠦᠮᠤᠨ ᠤ ᠳᠦᠷᠦᠭ᠍ᠰᠡᠨ ᠦᠷ᠎ᠡ ᠭᠡᠦᠭᠡᠤᠨ ᠲᠤ ᠪᠣᠯ ᠬᠠᠤᠯᠢ ᠶᠢᠨ ᠡᠴᠢᠭᠡ ᠡᠭᠡ ᠦᠷ᠎ᠡ ᠭᠡᠦᠭᠡᠤᠨ ᠲᠤ ᠬᠤᠯᠪᠣᠭᠳᠠᠬᠤ ᠳᠤᠭᠳᠠᠭᠠᠯ ᠢ ᠭᠡᠷᠡᠭᠯᠡᠨ᠎ᠡ᠃


ᠭᠤᠷᠪᠠᠳᠤᠭᠠᠷ ᠪᠦᠯᠦᠭ᠌     ᠭᠡᠷ ᠪᠦᠯᠢ ᠶᠢᠨ ᠬᠠᠷᠢᠴᠠᠭ᠎ᠠ


ᠠᠷᠪᠠᠨ ᠭᠤᠷᠪᠠᠳᠤᠭᠠᠷ ᠵᠣᠢ᠌ᠯ ᠭᠡᠷ ᠪᠦᠯᠢ ᠶᠢᠨ ᠳᠤᠳᠤᠷ᠎ᠠ ᠪᠠᠨ ᠡᠷ᠎ᠡ ᠡᠮ᠎ᠡ ᠬᠤᠶᠠᠭᠤᠯᠠ ᠡᠷᠭᠡ ᠳᠡᠭ᠍ᠰᠢ ᠪᠠᠢ᠌ᠷᠢ ᠰᠠᠭᠤᠷᠢ ᠲᠡᠶ᠃

ᠠᠷᠪᠠᠨ ᠳᠦᠷᠪᠠᠳᠦᠭᠡᠷ ᠵᠣᠢ᠌ᠯ ᠡᠷ᠎ᠡ ᠡᠮ᠎ᠡ ᠡᠳᠡᠭᠡᠤᠨ ᠶᠢᠡᠷ ᠶᠢᠡᠨ ᠴᠦᠮ ᠳᠤᠰ ᠳᠤᠰ ᠤᠨ ᠣᠪᠣᠭ ᠨᠠᠷ᠎ᠠ ᠪᠠᠨ ᠭᠡᠷᠡᠭᠯᠡᠭᠦ ᠡᠷᠭᠡ ᠲᠡᠶ ᠃

ᠠᠷᠪᠠᠨ ᠳᠠᠪᠣᠳᠤᠭᠠᠷ ᠵᠣᠢ᠌ᠯ ᠡᠷ᠎ᠡ ᠡᠮ᠎ᠡ ᠬᠤᠶᠠᠷ ᠡᠳᠡᠭᠡᠤᠨ ᠶᠢᠡᠷ ᠶᠢᠡᠨ ᠴᠦᠮ ᠣᠢ᠌ᠯᠠᠤᠠᠪᠣᠷᠢᠯᠠᠯ᠂ ᠠᠵᠢᠯ᠂ ᠰᠤᠷᠤᠯᠴᠠᠯᠭ᠎ᠠ ᠪᠠ ᠨᠡᠢ᠌ᠭᠡᠮ ᠤᠨ ᠠᠵᠢᠯᠯᠠᠭ᠎ᠠ ᠳᠤ ᠣᠷᠤᠯᠴᠠᠬᠤ ᠡᠷᠭᠡ ᠴᠢᠯᠦᠭᠡ ᠲᠡᠶ᠂ ᠨᠢᠭᠡ ᠡᠳᠡᠭᠡᠤᠨ ᠨᠢ ᠨᠥᠭᠦᠭᠡ ᠡᠳᠡᠭᠡᠤᠨ ᠶᠢᠡᠨ ᠭᠢᠵᠠᠭᠠᠷᠯᠠᠬᠤ ᠪᠣᠶᠤ ᠣᠢ᠌ᠯᠠ ᠠᠵᠢᠯᠯᠠᠭ᠎ᠠ ᠳᠤ ᠭᠠᠷ ᠲᠦᠷᠦᠵᠤ ᠪᠣᠯᠬᠤ ᠦᠭᠡᠶ᠃

ᠠᠷᠪᠠᠨ ᠵᠢᠷᠭᠤᠳᠤᠭᠠᠷ ᠵᠣᠢ᠌ᠯ ᠡᠷ᠎ᠡ ᠡᠮ᠎ᠡ ᠬᠤᠶᠠᠭᠤᠯᠠ ᠪᠠᠨ ᠴᠦᠮ ᠳᠦᠯᠦᠪᠯᠡᠭᠡ ᠲᠡᠶ ᠪᠠᠷ ᠭᠡᠦᠭᠡᠤᠨ ᠠᠪᠬᠤ ᠶᠢ ᠭᠡᠷᠡᠭ᠍ᠵᠢᠭᠦᠯᠭᠦ ᠡᠭᠦᠷᠭᠡ ᠲᠡᠶ᠃

ᠠᠷᠪᠠᠨ ᠳᠤᠯᠤᠳᠤᠭᠠᠷ ᠵᠣᠢ᠌ᠯ ᠡᠷ᠎ᠡ ᠡᠮ᠎ᠡ ᠬᠤᠶᠠᠭᠤᠯᠠ ᠶᠢᠨ ᠣᠷᠤᠭ ᠤᠨ ᠬᠠᠷᠢᠴᠠᠭ᠎ᠠ ᠥᠷᠭᠦᠯᠵᠢᠯᠡᠵᠤ ᠪᠠᠢ᠌ᠭᠰᠠᠨ ᠬᠤᠭᠤᠴᠠᠭᠠᠨ ᠳᠠᠭᠠᠨ ᠣᠯᠤᠭᠰᠠᠨ ᠳᠤᠤᠷ᠎ᠠ ᠵᠢᠬᠰᠠᠭᠠᠭᠰᠠᠨ ᠡᠳ᠋ ᠭᠦᠷᠦᠩᠭᠡ ᠪᠣᠯ ᠡᠷ᠎ᠡ ᠡᠮ᠎ᠡ ᠬᠤᠶᠠᠭᠤᠯᠠ ᠶᠢᠨ ᠬᠠᠮᠳᠤ ᠶᠢᠨ ᠦᠮᠴᠢ ᠪᠣᠯᠤᠨ᠎ᠠ᠄

( ᠨᠢᠭᠡ )ᠴᠠᠯᠢᠩ᠂ ᠱᠠᠩᠨᠠᠯ ᠤᠨ ᠮᠥᠩᠭᠦ;

( ᠬᠤᠶᠠᠷ )ᠣᠢ᠌ᠯᠠᠤᠠᠪᠣᠷᠢᠯᠠᠯ ᠪᠣᠯᠤᠨ ᠡᠵᠡᠩᠨᠡᠯᠳᠡ ᠶᠢᠨ ᠠᠰᠢᠭ ᠣᠷᠤᠯᠭ᠎ᠠ ;

( ᠭᠤᠷᠪᠠ )ᠮᠡᠳᠡᠯᠭᠡ ᠶᠢᠨ ᠪᠦᠳᠦᠭᠡᠭ᠍ᠳᠡᠭᠦᠨ ᠤ ᠥᠮᠴᠢᠯᠡᠭᠦ ᠡᠷᠭᠡ ᠶᠢᠨ ᠠᠰᠢᠭ ᠣᠷᠤᠯᠭ᠎ᠠ ;

( ᠳᠦᠷᠪᠡ )ᠵᠠᠯᠭᠠᠮᠵᠢᠯᠠᠭᠰᠠᠨ ᠪᠣᠶᠤ ᠪᠣᠰᠤᠳ ᠤᠨ ᠪᠠᠯᠡᠭᠯᠡᠵᠤ ᠦᠭ‍ᠭᠦᠭ᠍ᠰᠡᠨ ᠡᠴᠡ ᠪᠣᠯᠤᠭᠠᠤᠨ ᠣᠯᠤᠭᠰᠠᠨ ᠡᠳ᠋ ᠭᠦᠷᠦᠩᠭᠡ᠂ ᠭᠡᠪᠠᠴᠤ ᠳᠤᠰ ᠬᠠᠤᠯᠢ ᠶᠢᠨ ᠠᠷᠪᠠᠨ ᠨᠠᠢ᠍ᠮᠠᠳᠤᠭᠠᠷ ᠵᠣᠢ᠌ᠯ ᠤᠨ ᠭᠤᠷᠪᠠᠳᠤᠭᠠᠷ ᠵᠤᠷᠪᠣᠰ ᠲᠤ ᠳᠤᠭᠳᠠᠭᠠᠭᠰᠠᠨ ᠵᠣᠢ᠌ᠯ ᠡᠭᠦᠨ ᠳᠤ ᠪᠠᠭᠳᠠᠬᠤ ᠦᠭᠡᠶ ;

(ᠲ᠋ᠡᠪᠦ)ᠡᠷ᠎ᠡ ᠡᠮ᠎ᠡ ᠬᠤᠶᠠᠭᠤᠯᠠ ᠶᠢᠨ ᠬᠠᠮᠳᠤ ᠶᠢᠨ ᠦᠮᠴᠢ ᠳᠤ ᠪᠠᠭᠳᠠᠬᠤ ᠶᠤᠰᠤᠳᠠᠢ ᠪᠣᠰᠤᠳ ᠡᠳ᠋ ᠭᠦᠷᠦᠩᠭᠡ᠃

ᠡᠷ᠎ᠡ ᠡᠮ᠎ᠡ ᠬᠤᠶᠠᠭᠤᠯᠠ ᠬᠠᠮᠳᠤᠪᠠᠷ ᠦᠮᠴᠢᠯᠠᠵᠤ ᠪᠠᠢ᠌ᠬᠤ ᠡᠳ᠋ ᠭᠦᠷᠦᠩᠭᠡ ᠪᠠᠨ ᠠᠳᠠᠯᠢ ᠳᠡᠭ᠍ᠰᠢ ᠪᠠᠷ ᠰᠢ᠌ᠦᠡᠪᠦᠷᠢᠯᠡᠭᠦ ᠡᠷᠭᠡ ᠲᠡᠶ᠃

ᠠᠷᠪᠠᠨ ᠨᠠᠢ᠍ᠮᠠᠳᠤᠭᠠᠷ ᠵᠣᠢ᠌ᠯ ᠳᠤᠤᠷ᠎ᠠ ᠵᠢᠬᠰᠠᠭᠠᠭᠰᠠᠨ ᠪᠠᠢ᠌ᠳᠠᠯ ᠤᠳ ᠤᠨ ᠨᠢᠭᠡ ᠨᠢ ᠪᠠᠢ᠌ᠪᠠᠯ ᠡᠷ᠎ᠡ ᠡᠮ᠎ᠡ ᠶᠢᠨ ᠨᠢᠭᠡ ᠡᠳᠡᠭᠡᠤᠨ ᠤᠨ ᠭᠢᠨᠢ ᠡᠳ᠋ ᠭᠦᠷᠦᠩᠭᠡ ᠪᠣᠯᠤᠨ᠎ᠠ᠄

( ᠨᠢᠭᠡ )ᠨᠢᠭᠡ ᠡᠳᠡᠭᠡᠤᠨ ᠤᠨ ᠣᠷᠤᠭᠯᠠᠬᠤ ᠡᠴᠡ ᠡᠮᠦᠨᠡᠭᠢ ᠡᠳ᠋ ᠭᠦᠷᠦᠩᠭᠡ ;

( ᠬᠤᠶᠠᠷ )ᠨᠢᠭᠡ ᠡᠳᠡᠭᠡᠤᠨ ᠤᠨ ᠭᠢᠨᠢ ᠪᠠᠶ᠎ᠠ ᠮᠠᠬᠠᠪᠣᠤᠨ ᠤᠨ ᠭᠡᠮᠳᠦᠯ ᠡᠴᠡ ᠪᠣᠯᠵᠤ ᠣᠯᠤᠭᠰᠠᠨ ᠡᠮᠨᠡᠯᠭᠡ ᠶᠢᠨ ᠰᠥᠢᠦᠡᠭᠡᠯ᠂ ᠵᠡᠮᠳᠡᠭ᠌ ᠭᠦᠮᠤᠨ ᠤ ᠠᠮᠢᠳᠤᠷᠠᠯ ᠤᠨ ᠳᠤᠰᠠᠯᠠᠮᠵᠢ ᠶᠢᠨ ᠮᠥᠩᠭᠦ ᠵᠡᠷᠭᠡ ᠵᠠᠷᠤᠳᠠᠯ ᠰᠥᠢᠦᠡᠭᠡᠯ ;

( ᠭᠤᠷᠪᠠ )ᠭᠡᠷᠢᠶᠡᠰ ᠪᠣᠶᠤ ᠪᠠᠯᠡᠭᠯᠡᠵᠤ ᠦᠭ‍ᠭᠦ ᠭᠡᠷ᠎ᠡ ᠳᠤ ᠵᠥᠪᠭᠡᠨ ᠡᠷ᠎ᠡ ᠪᠣᠶᠤ ᠡᠭᠡᠨᠡᠷ ᠤᠨ ᠨᠢᠭᠡ ᠡᠳᠡᠭᠡᠤᠨ ᠳᠤᠨᠢ ᠣᠯᠭᠤᠬᠤ ᠪᠠᠷ ᠳᠤᠭᠳᠠᠭᠰᠠᠨ ᠡᠳ᠋ ᠭᠦᠷᠦᠩᠭᠡ ;

( ᠳᠦᠷᠪᠡ ) ᠨᠢᠭᠡ ᠡᠳᠡᠭᠡᠤᠨ ᠳᠤᠨᠢ ᠬᠠᠷᠢᠶᠠᠯᠠᠭᠳᠠᠪᠠᠰᠤ ᠵᠤᠭᠢᠬᠤ ᠪᠣᠰᠤᠳ ᠡᠳ᠋ ᠭᠦᠷᠦᠩᠭᠡ ᠃

ᠠᠷᠪᠠ ᠶ‍ᠢᠰᠦᠳᠦᠭᠡᠷ ᠵᠣᠢ᠌ᠯ ᠡᠷ᠎ᠡ ᠡᠮ᠎ᠡ ᠬᠤᠶᠠᠭᠤᠯᠠ ᠶᠢᠨ ᠣᠷᠤᠭ ᠤᠨ ᠬᠠᠷᠢᠴᠠᠭ᠎ᠠ ᠥᠷᠭᠦᠯᠵᠢᠯᠡᠵᠤ ᠪᠠᠢ᠌ᠭᠰᠠᠨ ᠬᠤᠭᠤᠴᠠᠭᠠᠨ ᠳᠠᠭᠠᠨ ᠣᠯᠤᠭᠰᠠᠨ ᠡᠳ᠋ ᠭᠦᠷᠦᠩᠭᠡ ᠭᠢᠭᠡᠤᠨ ᠣᠷᠤᠭᠯᠠᠬᠤ ᠡᠴᠡ ᠡᠮᠦᠨᠡᠭᠢ ᠡᠳ᠋ ᠭᠦᠷᠦᠩᠭᠡ ᠪᠠᠨ ᠬᠤᠪᠢ ᠬᠤᠪᠢᠨ ᠳᠠᠭᠠᠨ ᠥᠮᠴᠢᠯᠡᠭᠦ᠂ ᠬᠠᠮᠳᠤᠪᠠᠷ ᠥᠮᠴᠢᠯᠡᠭᠦ ᠪᠣᠶᠤ ᠭᠡᠰᠡᠭ᠌ ᠢ ᠨᠢ ᠬᠤᠪᠢ ᠬᠤᠪᠢᠨ ᠳᠠᠭᠠᠨ ᠥᠮᠴᠢᠯᠡᠭᠦ᠂ ᠭᠡᠰᠡᠭ᠌ ᠢ ᠨᠢ ᠬᠠᠮᠳᠤᠪᠠᠷ ᠪᠣᠯᠵᠤᠨ ᠳᠤᠭᠳᠠᠵᠤ ᠪᠣᠯᠤᠨ᠎ᠠ᠃ ᠪᠣᠯᠵᠤᠨ ᠳᠤᠭᠳᠠᠬᠤ ᠳᠠᠭᠠᠨ ᠪᠢᠴᠢᠭ᠌ ᠤᠨ ᠭᠡᠯᠪᠠᠷᠢ ᠶᠢ ᠭᠡᠷᠡᠭᠯᠡᠭᠦ ᠭᠡᠷᠡᠭ᠍ᠳᠡᠢ᠃ ᠪᠣᠯᠵᠤᠨ ᠳᠤᠭᠳᠠᠭᠰᠠᠨ ᠦᠭᠡᠶ ᠪᠣᠶᠤ ᠪᠣᠯᠵᠤᠨ ᠳᠤᠭᠳᠠᠭᠰᠠᠨ ᠨᠢ ᠳᠤᠳᠤᠷᠬᠠᠢ ᠦᠭᠡᠶ ᠪᠣᠯ ᠳᠤᠰ ᠬᠠᠤᠯᠢ ᠶᠢᠨ ᠠᠷᠪᠠᠨ ᠳᠤᠯᠤᠳᠤᠭᠠᠷ ᠵᠣᠢ᠌ᠯ᠂ ᠠᠷᠪᠠᠨ ᠨᠠᠢ᠍ᠮᠠᠳᠤᠭᠠᠷ ᠵᠣᠢ᠌ᠯ ᠤᠨ ᠳᠤᠭᠳᠠᠭᠠᠯ ᠢ ᠭᠡᠷᠡᠭᠯᠡᠨ᠎ᠡ᠃

ᠡᠷ᠎ᠡ ᠡᠮ᠎ᠡ ᠬᠤᠶᠠᠭᠤᠯᠠ ᠶᠢᠨ ᠣᠷᠤᠭ ᠤᠨ ᠬᠠᠷᠢᠴᠠᠭ᠎ᠠ ᠥᠷᠭᠦᠯᠵᠢᠯᠡᠵᠤ ᠪᠠᠢ᠌ᠭᠰᠠᠨ ᠬᠤᠭᠤᠴᠠᠭᠠᠨ ᠳᠠᠭᠠᠨ ᠣᠯᠤᠭᠰᠠᠨ ᠡᠳ᠋ ᠭᠦᠷᠦᠩᠭᠡ ᠭᠢᠭᠡᠤᠨ ᠣᠷᠤᠭᠯᠠᠬᠤ ᠡᠴᠡ ᠡᠮᠦᠨᠡᠭᠢ ᠡᠳ᠋ ᠭᠦᠷᠦᠩᠭᠡ ᠶᠢᠨ ᠶᠢᠡᠨ ᠳᠤᠬᠠᠢ ᠪᠣᠯᠵᠤᠨ ᠳᠤᠭᠳᠠᠭᠰᠠᠨ ᠵᠣᠢ᠌ᠯ ᠨᠢ ᠬᠤᠶᠠᠷ ᠡᠳᠡᠭᠡᠤᠨ ᠲᠤ ᠴᠦᠮ ᠭᠢᠵᠠᠭᠠᠷᠯᠠᠬᠤ ᠭᠦᠴᠤᠨ ᠲᠡᠶ᠃

ᠡᠷ᠎ᠡ ᠡᠮ᠎ᠡ ᠬᠤᠶᠠᠭᠤᠯᠠ ᠶᠢᠨ ᠣᠷᠤᠭ ᠤᠨ ᠬᠠᠷᠢᠴᠠᠭ᠎ᠠ ᠥᠷᠭᠦᠯᠵᠢᠯᠡᠵᠤ ᠪᠠᠢ᠌ᠭᠰᠠᠨ ᠬᠤᠭᠤᠴᠠᠭᠠᠨ ᠳᠠᠭᠠᠨ ᠣᠯᠤᠭᠰᠠᠨ ᠡᠳ᠋ ᠭᠦᠷᠦᠩᠭᠡ ᠪᠠᠨ ᠬᠤᠪᠢ ᠬᠤᠪᠢᠨ ᠳᠠᠭᠠᠨ ᠥᠮᠴᠢᠯᠡᠭᠦ ᠪᠠᠷ ᠪᠣᠯᠵᠤᠨ ᠳᠤᠭᠳᠠᠭᠰᠠᠨ ᠪᠠᠢ᠌ᠪᠠᠯ᠂ ᠡᠷ᠎ᠡ ᠪᠣᠶᠤ ᠡᠭᠡᠨᠡᠷ ᠤᠨ ᠨᠢᠭᠡ ᠡᠳᠡᠭᠡᠤᠨ ᠤᠨ ᠪᠣᠰᠤᠳ ᠲᠤ ᠥᠷᠢᠳᠦᠭ᠍ᠰᠡᠨ ᠦᠷᠢ ᠰᠢᠷᠢ ᠶᠢ ᠳᠦᠯᠦᠭᠦ ᠳᠡᠭᠡᠨ᠂ ᠳᠠᠷᠠ ᠭᠦ ᠪᠣᠯᠵᠤᠨ ᠳᠤᠭᠳᠠᠭᠰᠠᠨ ᠵᠣᠢ᠌ᠯ ᠪᠠᠢ᠌ᠬᠤ ᠶᠢ ᠨᠢ ᠭᠤᠷᠪᠠᠳᠠᠭᠢ ᠭᠦᠮᠤᠨ ᠮᠠᠳᠠᠪᠠᠯ᠂ ᠡᠷ᠎ᠡ ᠪᠣᠶᠤ ᠡᠭᠡᠨᠡᠷ ᠤᠨ ᠨᠢᠭᠡ ᠡᠳᠡᠭᠡᠤᠨ ᠤᠨ ᠦᠮᠴᠢ ᠳ᠋ᠠᠭᠢ ᠡᠳ᠋ ᠭᠦᠷᠦᠩᠭᠡ ᠪᠠᠷ ᠲᠦᠯᠦᠵᠤ ᠳᠠᠭᠤᠰᠬᠠᠬᠤ ᠭᠡᠷᠡᠭ᠍ᠳᠡᠢ᠃

ᠬᠤᠷᠢᠳᠤᠭᠠᠷ ᠵᠣᠢ᠌ᠯ ᠡᠷ᠎ᠡ ᠡᠮ᠎ᠡ ᠬᠤᠶᠠᠭᠤᠯᠠ ᠬᠠᠷᠢᠯᠴᠠᠨ ᠳᠡᠦᠡᠭᠦᠨ ᠳᠡᠵᠢᠭᠡᠭᠦ ᠡᠭᠦᠷᠭᠡ ᠲᠡᠶ᠃

ᠨᠢᠭᠡ ᠡᠳᠡᠭᠡᠤᠨ ᠨᠢ ᠳᠡᠦᠡᠭᠦᠨ ᠳᠡᠵᠢᠭᠡᠭᠦ ᠡᠭᠦᠷᠭᠡ ᠪᠠᠨ ᠭᠦᠢᠴᠡᠦᠡᠭᠡᠭᠦ ᠦᠭᠡᠶ ᠪᠣᠯ ᠳᠡᠦᠡᠭᠦᠨ ᠳᠡᠵᠢᠭᠡᠯᠭᠡᠭᠦ ᠭᠡᠷᠡᠭ᠍ᠴᠡᠭᠡ ᠲᠡᠶ ᠡᠳᠡᠭᠡᠤᠨ ᠨᠢ ᠨᠥᠭᠦᠭᠡ ᠡᠳᠡᠭᠡᠤᠨ ᠡᠴᠡ ᠪᠠᠨ ᠳᠡᠦᠡᠭᠦᠨ ᠳᠡᠵᠢᠭᠡᠭᠦ ᠵᠠᠷᠤᠳᠠᠯ ᠠᠪᠬᠤ ᠪᠠᠷ ᠱᠠᠭᠠᠷᠳᠠᠬᠤ ᠡᠷᠭᠡ ᠲᠡᠶ᠃

ᠬᠤᠷᠢᠨ ᠨᠢᠭᠡᠳᠦᠭᠡᠷ ᠵᠣᠢ᠌ᠯ ᠡᠴᠢᠭᠡ ᠡᠭᠡ ᠪᠣᠯᠤᠭᠰᠠᠤᠨ ᠨᠢ ᠦᠷ᠎ᠡ ᠭᠡᠦᠭᠡᠤᠨ ᠶᠢᠡᠨ ᠠᠰᠠᠷᠠᠨ ᠳᠡᠵᠢᠭᠡᠵᠤ ᠰᠤᠷᠭᠠᠨ ᠭᠦᠮᠦᠵᠢᠭᠦᠯᠭᠦ ᠡᠭᠦᠷᠭᠡ ᠲᠡᠶ ; ᠦᠷ᠎ᠡ ᠭᠡᠦᠭᠡᠤᠨ ᠪᠣᠯᠤᠭᠰᠠᠤᠨ ᠨᠢ ᠡᠴᠢᠭᠡ ᠡᠭᠡ ᠪᠠᠨ ᠠᠴᠢᠯᠠᠨ ᠳᠡᠵᠢᠭᠡᠵᠤ ᠳᠡᠦᠡᠭᠦᠨ ᠳᠤᠰᠠᠯᠠᠬᠤ ᠡᠭᠦᠷᠭᠡ ᠲᠡᠶ᠃

ᠡᠴᠢᠭᠡ ᠡᠭᠡ ᠪᠣᠯᠤᠭᠰᠠᠤᠨ ᠨᠢ ᠠᠰᠠᠷᠠᠨ ᠳᠡᠵᠢᠭᠡᠭᠦ ᠡᠭᠦᠷᠭᠡ ᠪᠠᠨ ᠭᠦᠢᠴᠡᠦᠡᠭᠡᠭᠦ ᠦᠭᠡᠶ ᠪᠣᠯ ᠨᠠᠰᠤᠨ ᠳᠤ ᠭᠦᠷᠦᠭᠡᠳᠦᠢ ᠪᠣᠶᠤ ᠪᠠᠶ᠎ᠠ ᠪᠠᠨ ᠳᠠᠭᠠᠭᠠᠵᠤ ᠠᠮᠢᠳᠤᠷᠠᠵᠤ ᠴᠢᠳᠠᠬᠤ ᠦᠭᠡᠶ ᠦᠷ᠎ᠡ ᠭᠡᠦᠭᠡᠤᠨ ᠨᠢ ᠡᠴᠢᠭᠡ ᠡᠭᠡ ᠡᠴᠡ ᠪᠠᠨ ᠠᠴᠢᠯᠠᠨ ᠳᠡᠵᠢᠭᠡᠭᠦ ᠵᠠᠷᠤᠳᠠᠯ ᠠᠪᠬᠤ ᠪᠠᠷ ᠱᠠᠭᠠᠷᠳᠠᠬᠤ ᠡᠷᠭᠡ ᠲᠡᠶ᠃

ᠨᠢᠯᠬ᠎ᠠ ᠭᠡᠦᠭᠡᠤᠨ ᠢ ᠴᠠᠴᠠᠭᠠᠬᠤ᠂ ᠨᠢᠯᠬ᠎ᠠ ᠭᠡᠦᠭᠡᠤᠨ ᠢ ᠭᠤᠯᠤᠵᠤ ᠣᠷᠭᠢᠬᠤ ᠪᠠ ᠨᠢᠯᠬ᠎ᠠ ᠭᠡᠦᠭᠡᠤᠨ ᠢ ᠭᠦᠨᠦᠭᠡᠭᠦ ᠪᠣᠰᠤᠳ ᠣᠢ᠌ᠯᠠ ᠠᠵᠢᠯᠯᠠᠭ᠎ᠠ ᠶᠢ ᠴᠠᠭᠠᠵᠠᠯᠠᠨ᠎ᠠ᠃

ᠬᠤᠷᠢᠨ ᠬᠤᠶᠠᠳᠤᠭᠠᠷ ᠵᠣᠢ᠌ᠯ ᠦᠷ᠎ᠡ ᠭᠡᠦᠭᠡᠤᠨ ᠪᠣᠯᠤᠭᠰᠠᠤᠨ ᠨᠢ ᠡᠴᠢᠭᠡ ᠶᠢᠨ ᠶᠢᠡᠨ ᠣᠪᠣᠭ ᠢ ᠳᠠᠭᠠᠵᠤ ᠪᠣᠯᠤᠨ᠎ᠠ᠂ ᠡᠭᠡ ᠶᠢᠨ ᠶᠢᠡᠨ ᠣᠪᠣᠭ ᠢ ᠳᠠᠭᠠᠭᠰᠠᠨ ᠴᠤ ᠪᠣᠯᠤᠨ᠎ᠠ᠃

ᠬᠤᠷᠢᠨ ᠭᠤᠷᠪᠠᠳᠤᠭᠠᠷ ᠵᠣᠢ᠌ᠯ ᠡᠴᠢᠭᠡ ᠡᠭᠡ ᠪᠣᠯᠤᠭᠰᠠᠤᠨ ᠨᠢ ᠨᠠᠰᠤᠨ ᠳᠤ ᠭᠦᠷᠦᠭᠡᠳᠦᠢ ᠭᠡᠦᠭᠡᠤᠨ ᠶᠢᠡᠨ ᠬᠠᠮᠠᠭᠠᠯᠠᠬᠤ᠂ ᠰᠤᠷᠭᠠᠨ ᠭᠦᠮᠦᠵᠢᠭᠦᠯᠭᠦ ᠡᠷᠭᠡ ᠪᠠ ᠡᠭᠦᠷᠭᠡ ᠲᠡᠶ᠃ ᠨᠠᠰᠤᠨ ᠳᠤ ᠭᠦᠷᠦᠭᠡᠳᠦᠢ ᠦᠷ᠎ᠡ ᠭᠡᠦᠭᠡᠤᠨ ᠣᠯᠤᠰ ᠣᠷᠤᠨ᠂ ᠬᠠᠮᠳᠤ ᠨᠠᠢ᠌ᠳᠠ ᠪᠣᠶᠤ ᠪᠣᠰᠤᠳ ᠭᠦᠮᠤᠨ ᠳᠤ ᠬᠤᠭᠢᠷᠠᠯ ᠣᠴᠠᠷᠠᠭᠤᠯᠤᠭᠰᠠᠨ ᠪᠠᠢ᠌ᠪᠠᠯ᠂ ᠡᠴᠢᠭᠡ ᠡᠭᠡ ᠪᠣᠯᠤᠭᠰᠠᠤᠨ ᠨᠢ ᠢᠷᠭᠡᠨ ᠤ ᠭᠡᠷᠡᠭ᠌ ᠤᠨ ᠬᠠᠷᠢᠭᠤᠴᠠᠯᠭ᠎ᠠ ᠡᠭᠦᠷᠭᠡᠯᠡᠭᠦ ᠡᠭᠦᠷᠭᠡ ᠲᠡᠶ᠃

ᠬᠤᠷᠢᠨ ᠳᠦᠷᠪᠠᠳᠦᠭᠡᠷ ᠵᠣᠢ᠌ᠯ ᠡᠷ᠎ᠡ ᠡᠮ᠎ᠡ ᠬᠤᠶᠠᠭᠤᠯᠠ ᠬᠠᠷᠢᠯᠴᠠᠨ ᠦᠪ ᠵᠠᠯᠭᠠᠮᠵᠢᠯᠠᠬᠤ ᠡᠷᠭᠡ ᠲᠡᠶ ᠃

ᠡᠴᠢᠭᠡ ᠡᠭᠡ ᠪᠠ ᠦᠷ᠎ᠡ ᠭᠡᠦᠭᠡᠤᠨ ᠨᠢ ᠬᠠᠷᠢᠯᠴᠠᠨ ᠦᠪ ᠵᠠᠯᠭᠠᠮᠵᠢᠯᠠᠬᠤ ᠡᠷᠭᠡ ᠲᠡᠶ᠃

ᠬᠤᠷᠢᠨ ᠳᠠᠪᠣᠳᠤᠭᠠᠷ ᠵᠣᠢ᠌ᠯ ᠣᠷᠤᠭᠯᠠᠭᠰᠠᠨ ᠦᠭᠡᠶ ᠪᠠᠷ ᠳᠦᠷᠦᠭ᠍ᠰᠡᠨ ᠦᠷ᠎ᠡ ᠭᠡᠦᠭᠡᠤᠨ ᠨᠢ ᠣᠷᠤᠭᠯᠠᠭᠠᠤᠨ ᠳᠦᠷᠦᠭ᠍ᠰᠡᠨ ᠦᠷ᠎ᠡ ᠭᠡᠦᠭᠡᠤᠨ ᠲᠡᠶ ᠠᠳᠠᠯᠢ ᠳᠡᠭ᠍ᠰᠢ ᠡᠷᠭᠡ ᠶᠢ ᠡᠳ᠋ᠯᠡᠨ᠎ᠡ᠂ ᠶᠠᠮᠠᠷᠪᠠ ᠭᠦᠮᠤᠨ ᠬᠤᠤᠷ ᠭᠦᠷᠭᠡᠭᠦ ᠪᠠ ᠭᠠᠳᠠᠭᠤᠷᠴᠢᠯᠠᠵᠤ ᠪᠣᠯᠬᠤ ᠦᠭᠡᠶ᠃

ᠣᠷᠤᠭᠯᠠᠭᠰᠠᠨ ᠦᠭᠡᠶ ᠪᠠᠷ ᠳᠦᠷᠦᠭ᠍ᠰᠡᠨ ᠦᠷ᠎ᠡ ᠭᠡᠦᠭᠡᠤᠨ ᠶᠢᠡᠨ ᠰᠢᠭᠤᠳ ᠠᠰᠠᠷᠠᠨ ᠳᠡᠵᠢᠭᠡᠵᠤ ᠪᠠᠢ᠌ᠬᠤ ᠪᠢᠰᠢ ᠳᠦᠷᠦᠭ᠍ᠰᠡᠨ ᠡᠴᠢᠭᠡ ᠪᠠ ᠳᠦᠷᠦᠭ᠍ᠰᠡᠨ ᠡᠭᠡ ᠨᠢ ᠳᠠᠷᠠ ᠭᠦ ᠦᠷ᠎ᠡ ᠭᠡᠦᠭᠡᠤᠨ ᠤᠨ ᠪᠠᠶ᠎ᠠ ᠪᠠᠨ ᠳᠠᠭᠠᠭᠠᠵᠤ ᠠᠮᠢᠳᠤᠷᠠᠵᠤ ᠴᠢᠳᠠᠬᠤ ᠪᠣᠯᠳᠠᠯᠠᠭᠢ ᠠᠮᠢᠳᠤᠷᠠᠯ ᠤᠨ ᠵᠠᠷᠤᠳᠠᠯ ᠪᠠ ᠰᠤᠷᠭᠠᠨ ᠭᠦᠮᠦᠵᠢᠯ ᠤᠨ ᠵᠠᠷᠤᠳᠠᠯ ᠢ ᠨᠢ ᠡᠭᠦᠷᠭᠡᠯᠡᠭᠦ ᠭᠡᠷᠡᠭ᠍ᠳᠡᠢ᠃

ᠬᠤᠷᠢᠨ ᠵᠢᠷᠭᠤᠳᠤᠭᠠᠷ ᠵᠣᠢ᠌ᠯ ᠬᠠᠤᠯᠢ ᠶᠤᠰᠤᠨ ᠤ ᠡᠷᠭᠦᠵᠤ ᠠᠪᠣᠭᠰᠠᠨ ᠬᠠᠷᠢᠴᠠᠭ᠎ᠠ ᠶᠢ ᠣᠯᠤᠰ ᠡᠴᠡ ᠬᠠᠮᠠᠭᠠᠯᠠᠨ᠎ᠠ᠃ ᠡᠷᠭᠦᠭ᠍ᠰᠡᠨ ᠡᠴᠢᠭᠡ ᠡᠭᠡ ᠪᠠ ᠡᠷᠭᠦᠮᠡᠯ ᠦᠷ᠎ᠡ ᠭᠡᠦᠭᠡᠤᠨ ᠤᠨ ᠬᠤᠭᠤᠷᠤᠠᠳᠤᠭᠢ ᠡᠷᠭᠡ ᠪᠠ ᠡᠭᠦᠷᠭᠡ ᠳᠤ ᠳᠤᠰ ᠬᠠᠤᠯᠢ ᠶᠢᠨ ᠡᠴᠢᠭᠡ ᠡᠭᠡ ᠦᠷ᠎ᠡ ᠭᠡᠦᠭᠡᠤᠨ ᠤᠨ ᠬᠠᠷᠢᠴᠠᠭᠠᠨ ᠬᠤᠯᠪᠣᠭᠳᠠᠯ ᠪᠦᠭᠦᠢ ᠳᠤᠭᠳᠠᠭᠠᠯ ᠢ ᠭᠡᠷᠡᠭᠯᠡᠨ᠎ᠡ᠃

ᠡᠷᠭᠦᠮᠡᠯ ᠦᠷ᠎ᠡ ᠭᠡᠦᠭᠡᠤᠨ ᠪᠣᠯᠤᠨ ᠳᠡᠭᠦᠨ ᠤ ᠳᠦᠷᠦᠭ᠍ᠰᠡᠨ ᠡᠴᠢᠭᠡ ᠡᠭᠡ ᠶᠢᠨ ᠬᠤᠭᠤᠷᠤᠠᠳᠤᠭᠢ ᠡᠷᠭᠡ ᠪᠠ ᠡᠭᠦᠷᠭᠡ ᠨᠢ ᠡᠷᠭᠦᠵᠤ ᠠᠪᠣᠭᠰᠠᠨ ᠬᠠᠷᠢᠴᠠᠭ᠎ᠠ ᠪᠣᠢ ᠪᠣᠯᠬᠤ ᠶᠢᠨ ᠣᠯᠠᠮ ᠡᠴᠡ ᠣᠰᠠᠳᠤᠨ᠎ᠠ᠃

ᠬᠤᠷᠢᠨ ᠳᠤᠯᠤᠳᠤᠭᠠᠷ ᠵᠣᠢ᠌ᠯ ᠬᠣᠢ᠌ᠳᠤ ᠡᠴᠢᠭᠡ ᠡᠭᠡ ᠪᠣᠯᠤᠨ ᠳᠠᠭᠠᠭᠤᠯᠢ ᠦᠷ᠎ᠡ ᠭᠡᠦᠭᠡᠤᠨ ᠤᠨ ᠬᠤᠭᠤᠷᠤᠠᠳᠤ ᠪᠠᠨ ᠬᠠᠯᠠ ᠥᠵᠡᠭᠦᠯᠭᠦ ᠪᠣᠶᠤ ᠭᠠᠳᠠᠭᠤᠷᠴᠢᠯᠠᠵᠤ ᠪᠣᠯᠬᠤ ᠦᠭᠡᠶ᠃

ᠬᠣᠢ᠌ᠳᠤ ᠡᠴᠢᠭᠡ ᠪᠣᠶᠤ ᠬᠣᠢ᠌ᠳᠤ ᠡᠭᠡ ᠭᠢᠭᠡᠤᠨ ᠳᠡᠭᠦᠨ ᠤ ᠠᠰᠠᠷᠠᠨ ᠳᠡᠵᠢᠭᠡᠵᠤ ᠰᠤᠷᠭᠠᠨ ᠭᠦᠮᠦᠵᠢᠭᠦᠯᠵᠤ ᠪᠠᠢ᠌ᠭ᠎ᠠ ᠳᠠᠭᠠᠭᠤᠯᠢ ᠦᠷ᠎ᠡ ᠭᠡᠦᠭᠡᠤᠨ ᠤᠨ ᠬᠤᠭᠤᠷᠤᠠᠳᠤᠭᠢ ᠡᠷᠭᠡ ᠪᠠ ᠡᠭᠦᠷᠭᠡ ᠳᠤ ᠳᠤᠰ ᠬᠠᠤᠯᠢ ᠶᠢᠨ ᠡᠴᠢᠭᠡ ᠡᠭᠡ ᠦᠷ᠎ᠡ ᠭᠡᠦᠭᠡᠤᠨ ᠤᠨ ᠬᠠᠷᠢᠴᠠᠭᠠᠨ ᠤᠨ ᠬᠤᠯᠪᠣᠭᠳᠠᠯ ᠪᠦᠭᠦᠢ ᠳᠤᠭᠳᠠᠭᠠᠯ ᠢ ᠭᠡᠷᠡᠭᠯᠡᠨ᠎ᠡ᠃

ᠬᠤᠷᠢᠨ ᠨᠠᠢ᠍ᠮᠠᠳᠤᠭᠠᠷ ᠵᠣᠢ᠌ᠯ ᠡᠴᠢᠭᠡ ᠡᠭᠡ ᠨᠢ ᠥᠭᠦᠭ᠍ᠰᠡᠨ ᠪᠣᠶᠤ ᠡᠴᠢᠭᠡ ᠡᠭᠡ ᠨᠢ ᠠᠰᠠᠷᠠᠨ ᠳᠡᠵᠢᠭᠡᠭᠦ ᠴᠢᠳᠠᠪᠣᠷᠢ ᠦᠭᠡᠶ ᠪᠣᠯᠤᠭᠰᠠᠨ ᠨᠠᠰᠤᠨ ᠳᠤ ᠭᠦᠷᠦᠭᠡᠳᠦᠢ ᠣᠮᠪᠣᠯᠤ᠂ ᠣᠮᠪᠣᠯᠤ ᠦᠬᠢᠨ ᠂ ᠵᠢᠭᠡ ᠣᠮᠪᠣᠯᠤ᠂ ᠵᠢᠭᠡ ᠣᠮᠪᠣᠯᠤ ᠦᠬᠢᠨ ᠶᠢᠡᠨ ᠡᠭᠦᠷᠭᠡᠯᠡᠭᠦ ᠴᠢᠳᠠᠪᠣᠷᠢ ᠪᠦᠭᠦᠢ ᠡᠪᠦᠭᠡ ᠡᠮᠡᠭᠡ᠂ ᠨᠠᠭᠠᠴᠤ ᠡᠪᠦᠭᠡ ᠨᠠᠭᠠᠴᠤ ᠡᠮᠡᠭᠡ ᠨᠢ ᠠᠰᠠᠷᠠᠨ ᠳᠡᠵᠢᠭᠡᠭᠦ ᠡᠭᠦᠷᠭᠡ ᠲᠡᠶ ᠃ ᠦᠷ᠎ᠡ ᠭᠡᠦᠭᠡᠤᠨ ᠨᠢ ᠥᠭᠦᠭ᠍ᠰᠡᠨ ᠪᠣᠶᠤ ᠦᠷ᠎ᠡ ᠭᠡᠦᠭᠡᠤᠨ ᠨᠢ ᠠᠴᠢᠯᠠᠨ ᠳᠡᠵᠢᠭᠡᠭᠦ ᠴᠢᠳᠠᠪᠣᠷᠢ ᠦᠭᠡᠶ ᠪᠣᠯᠤᠭᠰᠠᠨ ᠡᠪᠦᠭᠡ ᠡᠮᠡᠭᠡ᠂ ᠨᠠᠭᠠᠴᠤ ᠡᠪᠦᠭᠡ ᠨᠠᠭᠠᠴᠤ ᠡᠮᠡᠭᠡ ᠪᠠᠨ ᠡᠭᠦᠷᠭᠡᠯᠡᠭᠦ ᠴᠢᠳᠠᠪᠣᠷᠢ ᠪᠦᠭᠦᠢ ᠣᠮᠪᠣᠯᠤ᠂ ᠣᠮᠪᠣᠯᠤ ᠦᠬᠢᠨ᠂ ᠵᠢᠭᠡ ᠣᠮᠪᠣᠯᠤ᠂ ᠵᠢᠭᠡ ᠣᠮᠪᠣᠯᠤ ᠦᠬᠢᠨ ᠨᠢ ᠠᠴᠢᠯᠠᠨ ᠳᠡᠵᠢᠭᠡᠭᠦ ᠡᠭᠦᠷᠭᠡ ᠲᠡᠶ᠃

ᠬᠤᠷᠢ ᠶ‍ᠢᠰᠦᠳᠦᠭᠡᠷ ᠵᠣᠢ᠌ᠯ ᠡᠴᠢᠭᠡ ᠡᠭᠡ ᠨᠢ ᠥᠭᠦᠭ᠍ᠰᠡᠨ ᠪᠣᠶᠤ ᠡᠴᠢᠭᠡ ᠡᠭᠡ ᠨᠢ ᠠᠰᠠᠷᠠᠨ ᠳᠡᠵᠢᠭᠡᠭᠦ ᠴᠢᠳᠠᠪᠣᠷᠢ ᠦᠭᠡᠶ ᠪᠣᠯᠤᠭᠰᠠᠨ ᠨᠠᠰᠤᠨ ᠳᠤ ᠭᠦᠷᠦᠭᠡᠳᠦᠢ ᠳᠡᠭᠦᠤ᠂ ᠦᠬᠢᠨ ᠳᠡᠭᠦᠤ ᠪᠠᠨ ᠡᠭᠦᠷᠭᠡᠯᠡᠭᠦ ᠴᠢᠳᠠᠪᠣᠷᠢ ᠪᠦᠭᠦᠢ ᠠᠬ᠎ᠠ᠂ ᠡᠭᠡᠴᠢ ᠨᠢ ᠳᠡᠦᠡᠭᠦᠨ ᠳᠡᠵᠢᠭᠡᠭᠦ ᠡᠭᠦᠷᠭᠡ ᠲᠡᠶ᠃ ᠭᠦᠳᠡᠯᠮᠦᠷᠢᠯᠡᠭᠦ ᠴᠢᠳᠠᠪᠣᠷᠢ ᠳᠤᠯᠢᠳᠠᠭᠰᠠᠨ ᠮᠥᠷᠳᠡᠭᠡᠨ ᠠᠮᠢᠳᠤᠷᠠᠯ ᠤᠨ ᠢᠷᠠᠯᠳᠠ ᠬᠤᠮᠰᠠ ᠪᠠᠢ᠌ᠬᠤ ᠠᠬ᠎ᠠ᠂ ᠡᠭᠡᠴᠢ ᠪᠠᠨ ᠠᠬ᠎ᠠ᠂ ᠡᠭᠡᠴᠢ ᠶᠢᠨ ᠳᠡᠦᠡᠭᠦᠨ ᠳᠡᠵᠢᠭᠡᠵᠤ ᠥᠰᠭᠡᠭ᠍ᠰᠡᠨ ᠡᠭᠦᠷᠭᠡᠯᠡᠭᠦ ᠴᠢᠳᠠᠪᠣᠷᠢ ᠪᠦᠭᠦᠢ ᠳᠡᠭᠦᠤ᠂ ᠦᠬᠢᠨ ᠳᠡᠭᠦᠤ ᠨᠢ ᠳᠡᠦᠡᠭᠦᠨ ᠳᠡᠵᠢᠭᠡᠭᠦ ᠡᠭᠦᠷᠭᠡ ᠲᠡᠶ᠃

ᠭᠤᠴᠢᠳᠤᠭᠠᠷ ᠵᠣᠢ᠌ᠯ ᠦᠷ᠎ᠡ ᠭᠡᠦᠭᠡᠤᠨ ᠪᠣᠯᠤᠭᠰᠠᠤᠨ ᠨᠢ ᠡᠴᠢᠭᠡ ᠡᠭᠡ ᠶᠢᠨ ᠶᠢᠡᠨ ᠣᠷᠤᠭ ᠤᠨ ᠡᠷᠭᠡ ᠶᠢ ᠭᠦᠡᠳᠦᠦᠡᠭᠡᠭᠦ ᠭᠡᠷᠡᠭ᠍ᠳᠡᠢ᠂ ᠡᠴᠢᠭᠡ ᠡᠭᠡ ᠶᠢᠨ ᠶᠢᠡᠨ ᠳᠠᠭᠢᠵᠤ ᠣᠷᠤᠭᠯᠠᠬᠤ ᠵᠢᠴᠢ ᠣᠷᠤᠭᠯᠠᠭᠰᠠᠨ ᠤ ᠳᠠᠷᠠᠭᠠᠭᠢ ᠠᠮᠢᠳᠤᠷᠠᠯ ᠳ᠋ᠤᠨᠢ ᠭᠠᠷ ᠲᠦᠷᠦᠵᠤ ᠪᠣᠯᠬᠤ ᠦᠭᠡᠶ ; ᠦᠷ᠎ᠡ ᠭᠡᠦᠭᠡᠤᠨ ᠤᠨ ᠡᠴᠢᠭᠡ ᠡᠭᠡ ᠪᠠᠨ ᠠᠴᠢᠯᠠᠨ ᠳᠡᠵᠢᠭᠡᠭᠦ ᠡᠭᠦᠷᠭᠡ ᠨᠢ ᠡᠴᠢᠭᠡ ᠡᠭᠡ ᠶᠢᠨ ᠭᠢᠨᠢ ᠣᠷᠤᠭ ᠤᠨ ᠬᠠᠷᠢᠴᠠᠭᠠᠨ ᠳᠤ ᠬᠤᠪᠢᠷᠠᠯᠳᠠ ᠭᠠᠷᠤᠭᠰᠠᠨ ᠡᠴᠡ ᠪᠣᠯᠵᠤ ᠳᠠᠭᠤᠰᠬᠤ ᠦᠭᠡᠶ ᠃


ᠳᠦᠷᠪᠠᠳᠦᠭᠡᠷ ᠪᠦᠯᠦᠭ᠌    ᠣᠷᠤᠭ ᠰᠠᠯᠠᠬᠤ


ᠭᠤᠴᠢᠨ ᠨᠢᠭᠡᠳᠦᠭᠡᠷ ᠵᠣᠢ᠌ᠯ ᠡᠷᠡᠭ᠍ᠳᠡᠢ ᠡᠮᠡᠭ᠍ᠳᠡᠢ ᠬᠤᠶᠠᠷ ᠡᠳᠡᠭᠡᠤᠨ ᠶᠢᠡᠷ ᠶᠢᠡᠨ ᠰᠠᠢ᠌ᠨ ᠳᠤᠷ᠎ᠠ ᠡᠴᠡ ᠪᠠᠨ ᠣᠷᠤᠭ ᠰᠠᠯᠤᠨ᠎ᠠ ᠭᠡᠪᠠᠯ ᠣᠷᠤᠭ ᠰᠠᠯᠠᠬᠤ ᠶᠢ ᠨᠢ ᠵᠦᠪᠰᠢᠶᠠᠷᠠᠨ᠎ᠠ᠃ ᠬᠤᠶᠠᠷ ᠡᠳᠡᠭᠡᠤᠨ ᠶᠢᠡᠷ ᠶᠢᠡᠨ ᠡᠷᠭᠡᠪᠠᠰᠢ ᠣᠷᠤᠭ ᠤᠨ ᠪᠦᠷᠢᠦᠡᠭᠡᠯ ᠤᠨ ᠪᠠᠢ᠌ᠭᠤᠯᠤᠯᠭ᠎ᠠ ᠳᠤ ᠣᠴᠢᠵᠤ ᠣᠷᠤᠭ ᠰᠠᠯᠠᠬᠤ ᠭᠤᠶᠤᠴᠢᠯᠠᠯ ᠭᠠᠷᠭᠠᠬᠤ ᠭᠡᠷᠡᠭ᠍ᠳᠡᠢ᠃ ᠣᠷᠤᠭ ᠤᠨ ᠪᠦᠷᠢᠦᠡᠭᠡᠯ ᠤᠨ ᠪᠠᠢ᠌ᠭᠤᠯᠤᠯᠭ᠎ᠠ ᠨᠢ ᠬᠤᠶᠠᠷ ᠡᠳᠡᠭᠡᠤᠨ ᠶᠢᠡᠷ ᠶᠢᠡᠨ ᠥᠨᠡᠭᠡᠷ ᠰᠠᠢ᠌ᠨ ᠳᠤᠷ᠎ᠠ ᠡᠴᠡ ᠪᠠᠨ ᠣᠷᠤᠭ ᠰᠠᠯᠬᠤ ᠭᠡᠵᠤ ᠪᠠᠢ᠌ᠭ᠎ᠠ ᠪᠦᠭᠡᠤᠨ ᠦᠷ᠎ᠡ ᠭᠡᠦᠭᠡᠤᠨ ᠪᠠ ᠡᠳ᠋ ᠭᠦᠷᠦᠩᠭᠡ ᠶᠢᠨ ᠠᠰᠠᠭᠤᠳᠠᠯ ᠶᠢᠡᠨ ᠵᠤᠭᠢᠰᠳᠠᠢ ᠪᠠᠷ ᠰᠢ᠌ᠦᠡᠪᠦᠷᠢᠯᠡᠭ᠍ᠰᠡᠨ ᠢ ᠪᠠᠢ᠌ᠴᠠᠭᠠᠨ ᠳᠤᠳᠤᠯᠠᠭᠰᠠᠨ ᠤ ᠳᠠᠷᠠᠭ᠎ᠠ ᠣᠷᠤᠭ ᠰᠠᠯᠤᠭᠰᠠᠨ ᠦᠨᠡᠮᠯᠠᠯ ᠣᠯᠭᠤᠨ᠎ᠠ᠃

ᠭᠤᠴᠢᠨ ᠬᠤᠶᠠᠳᠤᠭᠠᠷ ᠵᠣᠢ᠌ᠯ ᠡᠷᠡᠭ᠍ᠳᠡᠢ ᠡᠮᠡᠭ᠍ᠳᠡᠢ ᠶᠢᠨ ᠨᠢᠭᠡ ᠡᠳᠡᠭᠡᠤᠨ ᠨᠢ ᠣᠷᠤᠭ ᠰᠠᠯᠬᠤ ᠪᠠᠷ ᠱᠠᠭᠠᠷᠳᠠᠭᠰᠠᠨ ᠪᠠᠢ᠌ᠪᠠᠯ᠂ ᠬᠤᠯᠪᠣᠭᠳᠠᠯ ᠪᠦᠭᠦᠢ ᠰᠠᠯᠠᠭ᠎ᠠ ᠮᠤᠢᠴᠢᠷ ᠡᠴᠡ ᠡᠶᠡᠳᠡᠭᠦᠯᠭᠦ ᠪᠣᠶᠤ ᠰᠢᠭᠤᠳ ᠠᠷᠠᠤᠨ ᠤᠨ ᠰᠢᠭᠦᠭᠦ ᠬᠤᠷᠢᠶᠠᠨ ᠳᠤ ᠣᠷᠤᠭ ᠰᠠᠯᠬᠤ ᠵᠠᠭᠠᠯᠳᠤᠯᠭ᠎ᠠ ᠭᠠᠷᠭᠠᠵᠤ ᠪᠣᠯᠤᠨ᠎ᠠ᠃

ᠠᠷᠠᠤᠨ ᠤᠨ ᠰᠢᠭᠦᠭᠦ ᠬᠤᠷᠢᠶ᠎ᠠ ᠣᠷᠤᠭ ᠰᠠᠯᠬᠤ ᠭᠡᠷᠡᠭ᠌ ᠢ ᠰᠢᠭᠦᠨ ᠰᠢ᠌ᠦᠡᠪᠦᠷᠢᠯᠡᠭᠦ ᠳᠡᠭᠡᠨ ᠡᠶᠡᠳᠡᠭᠦᠯᠭᠦ ᠭᠡᠷᠡᠭ᠍ᠳᠡᠢ ; ᠥᠨᠡᠭᠡᠷ ᠰᠠᠤᠠᠭᠢᠯ ᠡᠪᠳᠡᠷᠡᠵᠤ ᠡᠶᠡᠳᠡᠭᠦᠯᠦᠭᠡᠤᠨ ᠳᠤᠰᠠ ᠭᠠᠷᠬᠤ ᠦᠭᠡᠶ ᠪᠣᠯ ᠣᠷᠤᠭ ᠰᠠᠯᠬᠤ ᠶᠢ ᠨᠢ ᠵᠥᠪᠰᠢᠶᠡᠷᠡᠭᠦ ᠭᠡᠷᠡᠭ᠍ᠳᠡᠢ᠃

ᠳᠤᠤᠷ᠎ᠠ ᠵᠢᠬᠰᠠᠭᠠᠭᠰᠠᠨ ᠪᠠᠢ᠌ᠳᠠᠯ ᠤᠳ ᠤᠨ ᠨᠢᠭᠡ ᠨᠢ ᠪᠠᠢ᠌ᠵᠤ᠂ ᠡᠶᠡᠳᠡᠭᠦᠯᠦᠭᠡᠤᠨ ᠳᠤᠰᠠ ᠭᠠᠷᠬᠤ ᠦᠭᠡᠶ ᠪᠣᠯ ᠣᠷᠤᠭ ᠰᠠᠯᠬᠤ ᠶᠢ ᠨᠢ ᠵᠥᠪᠰᠢᠶᠡᠷᠡᠭᠦ ᠭᠡᠷᠡᠭ᠍ᠳᠡᠢ᠄

( ᠨᠢᠭᠡ )ᠳᠤᠪᠬᠤᠷ ᠣᠷᠤᠭᠯᠠᠭᠰᠠᠨ ᠪᠣᠶᠤ ᠬᠤᠯᠪᠣᠰᠤ ᠲᠡᠶ ᠪᠠᠢ᠌ᠭᠠᠤᠨ ᠪᠣᠰᠤᠳ ᠭᠦᠮᠤᠨ ᠲᠡᠶ ᠬᠠᠨᠢᠯᠠᠨ ᠰᠠᠭᠤᠭᠰᠠᠨ ;

( ᠬᠤᠶᠠᠷ )ᠭᠡᠷ ᠪᠦᠯᠢ ᠶᠢᠨ ᠭᠦᠴᠦᠷᠭᠡᠭ᠍ᠯᠡᠯ ᠶᠠᠪᠣᠭᠤᠯᠤᠭᠰᠠᠨ ᠪᠣᠶᠤ ᠭᠡᠷ ᠪᠦᠯᠢ ᠶᠢᠨ ᠪᠦᠷᠢᠯᠳᠦᠭᠦᠨ ᠲᠡᠭᠡᠨ ᠬᠠᠯᠠ ᠥᠵᠡᠭᠦᠯᠵᠤ᠂ ᠳᠡᠭᠦᠨ ᠢ ᠭᠤᠯᠤᠵᠤ ᠣᠷᠭᠢᠭᠰᠠᠨ;

( ᠭᠤᠷᠪᠠ )ᠮᠦᠷᠤᠢ ᠲᠡᠶ ᠳᠤᠭᠯᠠᠬᠤ᠂ ᠬᠤᠤᠷᠳᠤ ᠡᠳ᠋ ᠡᠳ᠋ᠯᠡᠭᠦ ᠵᠡᠷᠭᠡ ᠮᠠᠭᠤ ᠳᠠᠤᠠᠬᠠᠯ ᠲᠡᠶ ᠪᠠᠢ᠌ᠵᠤ᠂ ᠣᠯᠠᠠᠳᠠ ᠰᠤᠷᠭᠠᠪᠠᠴᠤ ᠦᠯᠦ ᠵᠠᠰᠠᠷᠠᠭᠰᠠᠨ ;

( ᠳᠦᠷᠪᠡ )ᠰᠠᠤᠠᠭᠢᠯ ᠳᠠᠭᠠᠷᠠᠬᠤ ᠦᠭᠡᠶ ᠡᠴᠡ ᠪᠣᠯᠵᠤ ᠰᠠᠯᠵᠤ ᠰᠠᠭᠤᠭᠠᠤᠨ ᠪᠦᠭᠦᠯᠢ ᠬᠤᠶᠠᠷ ᠵᠢᠯ ᠪᠣᠯᠤᠭᠰᠠᠨ ;

( ᠳᠠᠪᠣ )ᠡᠷ᠎ᠡ ᠡᠮ᠎ᠡ ᠬᠤᠶᠠᠭᠤᠯᠠ ᠶᠢ ᠰᠠᠤᠠᠭᠢᠯ ᠡᠪᠳᠡᠷᠡᠭᠦ ᠳᠤ ᠭᠦᠷᠦᠭᠦᠯᠦᠭ᠍ᠰᠡᠨ ᠪᠣᠰᠤᠳ ᠪᠠᠢ᠌ᠳᠠᠯ ᠃

ᠨᠢᠭᠡ ᠡᠳᠡᠭᠡᠤᠨ ᠨᠢ ᠪᠠᠷ᠎ᠠ ᠰᠤᠷᠠᠭ ᠦᠭᠡᠶ ᠪᠣᠯᠤᠭᠰᠠᠨ ᠶᠢᠡᠷ ᠵᠠᠷᠯᠠᠭᠳᠠᠭᠠᠤᠨ᠂ ᠨᠥᠭᠦᠭᠡ ᠡᠳᠡᠭᠡᠤᠨ ᠨᠢ ᠣᠷᠤᠭ ᠰᠠᠯᠬᠤ ᠵᠠᠭᠠᠯᠳᠤᠯᠭ᠎ᠠ ᠭᠠᠷᠭᠠᠭᠰᠠᠨ ᠪᠠᠢ᠌ᠪᠠᠯ᠂ ᠣᠷᠤᠭ ᠰᠠᠯᠬᠤ ᠶᠢ ᠨᠢ ᠵᠥᠪᠰᠢᠶᠡᠷᠡᠭᠦ ᠭᠡᠷᠡᠭ᠍ᠳᠡᠢ᠃

ᠭᠤᠴᠢᠨ ᠭᠤᠷᠪᠠᠳᠤᠭᠠᠷ ᠵᠣᠢ᠌ᠯ ᠠᠯᠪᠠᠨ ᠴᠡᠷᠢᠭ᠌ ᠤᠨ ᠬᠤᠯᠪᠣᠰᠤ ᠨᠢ ᠣᠷᠤᠭ ᠰᠠᠯᠬᠤ ᠪᠠᠷ ᠱᠠᠭᠠᠷᠳᠠᠪᠠᠯ ᠴᠡᠷᠢᠭ᠌ ᠭᠦᠮᠤᠨ ᠤ ᠵᠦᠪᠰᠢᠶᠠᠷᠠᠯ ᠢ ᠵᠠᠪᠠᠯ ᠣᠯᠬᠤ ᠭᠡᠷᠡᠭ᠍ᠳᠡᠢ᠂ ᠭᠡᠪᠠᠴᠤ ᠴᠡᠷᠢᠭ᠌ ᠤᠨ ᠭᠦᠮᠤᠨ ᠤ ᠳᠤᠰ ᠡᠳᠡᠭᠡᠤᠨ ᠨᠢ ᠭᠦᠡᠳᠤ ᠶᠡᠭᠡ ᠪᠣᠷᠤᠭᠤ ᠲᠡᠶ ᠪᠠᠢ᠌ᠪᠠᠯ ᠡᠭᠦᠨ ᠳᠤ ᠪᠠᠭᠳᠠᠬᠤ ᠦᠭᠡᠶ᠃

ᠭᠤᠴᠢᠨ ᠳᠦᠷᠪᠠᠳᠦᠭᠡᠷ ᠵᠣᠢ᠌ᠯ ᠡᠮᠡᠭ᠍ᠳᠡᠢ ᠡᠳᠡᠭᠡᠤᠨ ᠨᠢ ᠵᠢᠷᠮᠤᠰᠤᠨ ᠪᠠᠢ᠌ᠬᠤ ᠬᠤᠭᠤᠴᠠᠭᠠᠨ ᠳᠤ ᠂ ᠭᠦᠩᠭᠡᠵᠢᠭ᠍ᠰᠡᠨ ᠤ ᠳᠠᠷᠠᠭᠠᠭᠢ ᠨᠢᠭᠡ ᠵᠢᠯ ᠤᠨ ᠳᠤᠳᠤᠷ᠎ᠠ ᠪᠣᠶᠤ ᠵᠢᠷᠮᠤᠰᠤᠯᠠᠯᠳᠠ ᠶᠢ ᠳᠤᠷᠭᠤᠨ ᠵᠤᠭᠰᠤᠭᠠᠭᠰᠠᠨ ᠤ ᠳᠠᠷᠠᠭᠠᠭᠢ ᠵᠢᠷᠭᠤᠭᠠᠨ ᠰᠠᠷ᠎ᠠ ᠶᠢᠨ ᠳᠤᠳᠤᠷ᠎ᠠ᠂ ᠡᠷᠡᠭ᠍ᠳᠡᠢ ᠡᠳᠡᠭᠡᠤᠨ ᠨᠢ ᠣᠷᠤᠭ ᠰᠠᠯᠬᠤ ᠪᠠᠷ ᠳᠤᠷᠠᠤᠠᠴᠤ ᠪᠣᠯᠬᠤ ᠦᠭᠡᠶ᠃ ᠡᠮᠡᠭ᠍ᠳᠡᠢ ᠡᠳᠡᠭᠡᠤᠨ ᠨᠢ ᠣᠷᠤᠭ ᠰᠠᠯᠬᠤ ᠪᠠᠷ ᠳᠤᠷᠠᠳᠤᠭᠰᠠᠨ ᠪᠣᠶᠤ ᠠᠷᠠᠤᠨ ᠤᠨ ᠰᠢᠭᠦᠭᠦ ᠬᠤᠷᠢᠶ᠎ᠠ ᠡᠴᠡ ᠡᠷᠡᠭ᠍ᠳᠡᠢ ᠡᠳᠡᠭᠡᠤᠨ ᠤᠨ ᠣᠷᠤᠭ ᠰᠠᠯᠬᠤ ᠪᠠᠷ ᠳᠤᠷᠠᠳᠤᠭᠰᠠᠨ ᠭᠤᠶᠤᠴᠢᠯᠠᠯ ᠢ ᠥᠨᠡᠭᠡᠷ ᠭᠦᠯᠢᠶᠡᠨ ᠠᠪᠴᠤ ᠰᠢ᠌ᠦᠡᠪᠦᠷᠢᠯᠡᠭᠦ ᠴᠢᠬᠤᠯᠠ ᠲᠡᠶ ᠭᠡᠵᠤ ᠥᠵᠡᠭ᠍ᠰᠡᠨ ᠪᠠᠢ᠌ᠪᠠᠯ ᠡᠭᠦᠨ ᠳᠤ ᠭᠢᠵᠠᠭᠠᠷᠯᠠᠭᠳᠠᠬᠤ ᠦᠭᠡᠶ᠃

ᠭᠤᠴᠢᠨ ᠳᠠᠪᠣᠳᠤᠭᠠᠷ ᠵᠣᠢ᠌ᠯ ᠣᠷᠤᠭ ᠰᠠᠯᠤᠭᠰᠠᠨ ᠤ ᠳᠠᠷᠠᠭ᠎ᠠ᠂ ᠡᠷᠡᠭ᠍ᠳᠡᠢ ᠡᠮᠡᠭ᠍ᠳᠡᠢ ᠬᠤᠶᠠᠷ ᠡᠳᠡᠭᠡᠤᠨ ᠡᠷ᠎ᠡ ᠡᠮ᠎ᠡ ᠶᠢᠨ ᠬᠠᠷᠢᠴᠠᠭ᠎ᠠ ᠪᠠᠨ ᠰᠠᠢ᠌ᠨ ᠳᠤᠷ᠎ᠠ ᠡᠴᠡ ᠰᠡᠷᠭᠦᠭᠡᠭᠦ ᠭᠡᠪᠠᠯ ᠡᠷᠭᠡᠪᠰᠢ ᠣᠷᠤᠭ ᠤᠨ ᠪᠦᠷᠢᠦᠡᠭᠡᠯ ᠤᠨ ᠪᠠᠢ᠌ᠭᠤᠯᠤᠯᠭ᠎ᠠ ᠳᠤ ᠣᠴᠢᠵᠤ ᠣᠷᠤᠭ ᠰᠡᠷᠭᠦᠭᠡᠭ᠍ᠰᠡᠨ ᠪᠦᠷᠢᠦᠡᠭᠡᠯ ᠭᠢᠭᠦ ᠭᠡᠷᠡᠭ᠍ᠳᠡᠢ᠃

ᠭᠤᠴᠢᠨ ᠵᠢᠷᠭᠤᠳᠤᠭᠠᠷ ᠵᠣᠢ᠌ᠯ ᠡᠴᠢᠭᠡ ᠡᠭᠡ ᠪᠣᠯᠤᠨ ᠦᠷ᠎ᠡ ᠭᠡᠦᠭᠡᠤᠨ ᠤᠨ ᠬᠤᠭᠤᠷᠤᠠᠳᠤᠭᠢ ᠬᠠᠷᠢᠴᠠᠭ᠎ᠠ ᠨᠢ ᠡᠴᠢᠭᠡ ᠡᠭᠡ ᠶᠢᠨ ᠭᠢᠨᠢ ᠣᠷᠤᠭ ᠰᠠᠯᠤᠭᠰᠠᠨ ᠡᠴᠡ ᠪᠣᠯᠵᠤ ᠳᠠᠰᠤᠷᠠᠬᠤ ᠪᠢᠰᠢ᠃ ᠣᠷᠤᠭ ᠰᠠᠯᠤᠭᠰᠠᠨ ᠤ ᠳᠠᠷᠠᠭ᠎ᠠ᠂ ᠦᠷ᠎ᠡ ᠭᠡᠦᠭᠡᠤᠨ ᠶᠢᠡᠨ ᠡᠴᠢᠭᠡ ᠪᠣᠶᠤ ᠡᠭᠡ ᠶᠢᠨ ᠭᠢᠨ ᠠᠯᠢ ᠨᠢ ᠰᠢᠭᠤᠳ ᠠᠰᠠᠷᠠᠨ ᠳᠡᠵᠢᠭᠡᠭ᠍ᠰᠡᠨ ᠴᠤ ᠮᠦᠨ ᠯᠠ ᠡᠴᠢᠭᠡ ᠡᠭᠡ ᠬᠤᠶᠠᠷ ᠡᠳᠡᠭᠡᠤᠨ ᠤᠨ ᠦᠷ᠎ᠡ ᠭᠡᠦᠭᠡᠤᠨ ᠪᠣᠯᠤᠨ᠎ᠠ᠃

ᠣᠷᠤᠭ ᠰᠠᠯᠤᠭᠰᠠᠨ ᠤ ᠳᠠᠷᠠᠭ᠎ᠠ᠂ ᠡᠴᠢᠭᠡ ᠡᠭᠡ ᠨᠢ ᠮᠦᠨ ᠯᠠ ᠦᠷ᠎ᠡ ᠭᠡᠦᠭᠡᠤᠨ ᠶᠢᠡᠨ ᠠᠰᠠᠷᠠᠨ ᠳᠡᠵᠢᠭᠡᠵᠤ ᠰᠤᠷᠭᠠᠨ ᠭᠦᠮᠦᠵᠢᠭᠦᠯᠭᠦ ᠡᠷᠭᠡ ᠪᠠ ᠡᠭᠦᠷᠭᠡ ᠲᠡᠶ᠃

ᠣᠷᠤᠭ ᠰᠠᠯᠤᠭᠰᠠᠨ ᠤ ᠳᠠᠷᠠᠭ᠎ᠠ᠂ ᠭᠦᠭᠦᠭᠦᠯ ᠤᠨ ᠬᠤᠭᠤᠴᠠᠭᠠᠨ ᠳᠠᠭᠠᠨ ᠪᠠᠢ᠌ᠭ᠎ᠠ ᠭᠡᠦᠭᠡᠤᠨ ᠢ ᠭᠦᠭᠦᠭᠦᠯᠵᠤ ᠪᠠᠢ᠌ᠭ᠎ᠠ ᠡᠭᠡ ᠳ᠋ᠤᠨᠢ ᠳᠠᠭᠠᠭᠤᠯᠵᠤ ᠠᠰᠠᠷᠠᠨ ᠳᠡᠵᠢᠭᠡᠯᠭᠡᠭᠦ ᠪᠠᠷ ᠵᠠᠷᠴᠢᠮ ᠪᠣᠯᠭᠠᠨ᠎ᠠ᠃ ᠭᠦᠭᠦᠭᠦᠯ ᠤᠨ ᠬᠤᠭᠤᠴᠠᠭ᠎ᠠ ᠨᠢ ᠥᠩᠭᠡᠷᠡᠭ᠍ᠰᠡᠨ ᠭᠡᠦᠭᠡᠤᠨ ᠢ ᠠᠰᠠᠷᠠᠨ ᠳᠡᠵᠢᠭᠡᠭᠦ ᠶᠠᠪᠣᠳᠠᠯ ᠳᠡᠭᠡᠷ᠎ᠡ ᠬᠤᠶᠠᠷ ᠡᠳᠡᠭᠡᠤᠨ ᠶᠢᠡᠷ ᠶᠢᠡᠨ ᠮᠠᠷᠭᠤᠯᠳᠤᠭᠠᠨ ᠭᠠᠷᠤᠭᠠᠤᠨ ᠭᠡᠯᠡᠯᠴᠡᠨ ᠳᠤᠭᠳᠠᠭᠠᠵᠤ ᠳᠡᠢ᠌ᠯᠭᠦ ᠦᠭᠡᠶ ᠪᠣᠯ ᠠᠷᠠᠤᠨ ᠤᠨ ᠰᠢᠭᠦᠭᠦ ᠬᠤᠷᠢᠶ᠎ᠠ ᠡᠴᠡ ᠦᠷ᠎ᠡ ᠭᠡᠦᠭᠡᠤᠨ ᠤᠨ ᠡᠷᠭᠡ ᠠᠰᠢᠭ ᠪᠠ ᠬᠤᠶᠠᠷ ᠡᠳᠡᠭᠡᠤᠨ ᠤᠨ ᠪᠣᠳᠠᠳᠤ ᠪᠠᠢ᠌ᠳᠠᠯ ᠢ ᠦᠨᠳᠦᠰᠦᠯᠠᠨ ᠰᠢᠭᠦᠨ ᠳᠠᠰᠤᠯᠤᠨ᠎ᠠ᠃

ᠭᠤᠴᠢᠨ ᠳᠤᠯᠤᠳᠤᠭᠠᠷ ᠵᠣᠢ᠌ᠯ ᠣᠷᠤᠭ ᠰᠠᠯᠤᠭᠰᠠᠨ ᠤ ᠳᠠᠷᠠᠭ᠎ᠠ᠂ ᠨᠢᠭᠡ ᠡᠳᠡᠭᠡᠤᠨ ᠤᠨ ᠶᠢᠡᠨ ᠠᠰᠠᠷᠠᠨ ᠳᠡᠵᠢᠭᠡᠵᠤ ᠪᠠᠢ᠌ᠭ᠎ᠠ ᠦᠷ᠎ᠡ ᠭᠡᠦᠭᠡᠤᠨ ᠤᠨ ᠴᠢᠬᠤᠯᠠ ᠪᠦᠭᠦᠢ ᠠᠮᠢᠳᠤᠷᠠᠯ ᠤᠨ ᠵᠠᠷᠤᠳᠠᠯ ᠪᠠ ᠰᠤᠷᠭᠠᠨ ᠭᠦᠮᠦᠵᠢᠯ ᠤᠨ ᠵᠠᠷᠤᠳᠠᠯ ᠤᠨ ᠭᠡᠰᠡᠭ᠌ ᠢ ᠪᠣᠶᠤ ᠪᠦᠭᠦᠨ ᠢ ᠨᠥᠭᠦᠭᠡ ᠡᠳᠡᠭᠡᠤᠨ ᠨᠢ ᠡᠭᠦᠷᠭᠡᠯᠡᠭᠦ ᠭᠡᠷᠡᠭ᠍ᠳᠡᠢ ᠂ ᠡᠭᠦᠷᠭᠡᠯᠡᠭᠦ ᠵᠠᠷᠤᠳᠠᠯ ᠤᠨ ᠶᠡᠭᠡ ᠪᠠᠭ᠎ᠠ ᠶᠢᠨ ᠭᠡᠮᠵᠢᠶ᠎ᠡ ᠪᠠ ᠡᠭᠦᠷᠭᠡᠯᠡᠭᠦ ᠴᠠᠭ ᠬᠤᠭᠤᠴᠠᠭᠠᠨ ᠤ ᠭᠡᠮᠵᠢᠶ᠎ᠡ ᠭᠢᠵᠠᠭᠠᠷ ᠢ ᠬᠤᠶᠠᠷ ᠡᠳᠡᠭᠡᠤᠨ ᠶᠢᠡᠷ ᠶᠢᠡᠨ ᠭᠡᠯᠡᠡᠯᠴᠡᠨ ᠳᠤᠭᠢᠷᠠᠯᠴᠠᠬᠤ ᠭᠡᠷᠡᠭ᠍ᠳᠡᠢ ; ᠭᠡᠯᠡᠯᠴᠡᠭᠡᠤᠨ ᠪᠦᠳᠦᠭ᠍ᠰᠡᠨ ᠦᠭᠡᠶ ᠦᠶ᠎ᠡ ᠳᠤ ᠠᠷᠠᠤᠨ ᠤᠨ ᠰᠢᠭᠦᠭᠦ ᠬᠤᠷᠢᠶ᠎ᠠ ᠡᠴᠡ ᠰᠢᠭᠦᠨ ᠳᠠᠰᠤᠯᠤᠨ᠎ᠠ᠃

ᠦᠷ᠎ᠡ ᠭᠡᠦᠭᠡᠤᠨ ᠤᠨ ᠠᠮᠢᠳᠤᠷᠠᠯ ᠤᠨ ᠵᠠᠷᠤᠳᠠᠯ ᠪᠠ ᠰᠤᠷᠭᠠᠨ ᠭᠦᠮᠦᠵᠢᠯ ᠤᠨ ᠵᠠᠷᠤᠳᠠᠯ ᠤᠨ ᠳᠤᠬᠠᠢ ᠭᠡᠯᠡᠯᠴᠡᠭᠡᠷ ᠪᠣᠶᠤ ᠰᠢᠭᠦᠨ ᠳᠠᠰᠤᠯᠤᠯᠳᠠ ᠨᠢ ᠦᠷ᠎ᠡ ᠭᠡᠦᠭᠡᠤᠨ ᠤᠨ ᠴᠢᠬᠤᠯᠠ ᠲᠡᠶ ᠦᠶ᠎ᠡ ᠳᠤ ᠂ ᠡᠴᠢᠭᠡ ᠡᠭᠡ ᠶᠢᠨ ᠶᠢᠡᠨ ᠠᠯᠢ ᠨᠢᠭᠡ ᠡᠳᠡᠭᠡᠤᠨ ᠲᠤ ᠭᠡᠯᠡᠯᠴᠡᠭᠡᠷ ᠪᠣᠶᠤ ᠰᠢᠭᠦᠨ ᠳᠠᠰᠤᠯᠤᠯᠳᠠ ᠳᠤ ᠣᠤᠯ ᠤᠨ ᠳᠤᠭᠳᠠᠭᠠᠭᠰᠠᠨ ᠳᠤᠭ᠎ᠠ ᠭᠡᠮᠵᠢᠶ᠎ᠡ ᠡᠴᠡ ᠭᠡᠳᠦᠷᠡᠭ᠍ᠰᠡᠨ ᠵᠦᠢ ᠵᠤᠭᠢᠰᠳᠠᠢ ᠱᠠᠭᠠᠷᠳᠠᠯᠭ᠎ᠠ ᠭᠠᠷᠭᠠᠬᠤ ᠶᠢ ᠬᠠᠷᠰᠢᠯᠠᠬᠤ ᠦᠭᠡᠶ᠃

ᠭᠤᠴᠢᠨ ᠨᠠᠢ᠍ᠮᠠᠳᠤᠭᠠᠷ ᠵᠣᠢ᠌ᠯ ᠣᠷᠤᠭ ᠰᠠᠯᠤᠭᠰᠠᠨ ᠤ ᠳᠠᠷᠠᠭ᠎ᠠ᠂ ᠦᠷ᠎ᠡ ᠭᠡᠦᠭᠡᠤᠨ ᠶᠢᠡᠨ ᠰᠢᠭᠤᠳ ᠠᠰᠠᠷᠠᠨ ᠳᠡᠵᠢᠭᠡᠵᠤ ᠪᠠᠢ᠌ᠬᠤ ᠪᠢᠰᠢ ᠡᠴᠢᠭᠡ ᠪᠣᠶᠤ ᠡᠭᠡ ᠨᠢ ᠦᠷ᠎ᠡ ᠭᠡᠦᠭᠡᠤᠨ ᠶᠢᠡᠨ ᠡᠷᠭᠢᠵᠤ ᠥᠵᠡᠭᠦ ᠡᠷᠭᠡ ᠲᠡᠶ᠂ ᠨᠥᠭᠦᠭᠡ ᠡᠳᠡᠭᠡᠤᠨ ᠨᠢ ᠬᠠᠮᠵᠢᠬᠤ ᠡᠭᠦᠷᠭᠡ ᠲᠡᠶ᠃

ᠡᠷᠭᠢᠵᠤ ᠥᠵᠡᠭᠦ ᠡᠷᠭᠡ ᠪᠠᠨ ᠭᠡᠷᠡᠭ᠍ᠵᠢᠭᠦᠯᠭᠦ ᠠᠷᠭ᠎ᠠ ᠮᠠᠶ‍ᠢᠭ᠂ ᠴᠠᠭ ᠬᠤᠭᠤᠴᠠᠭ᠎ᠠ ᠶᠢ ᠳᠤᠬᠠᠢ ᠶᠢᠨ ᠭᠦᠮᠦᠰ ᠭᠡᠯᠡᠯᠴᠡᠵᠤ ᠳᠤᠭᠳᠠᠭᠠᠨ᠎ᠠ ; ᠭᠡᠯᠡᠯᠴᠡᠭᠡᠤᠨ ᠪᠦᠳᠦᠭ᠍ᠰᠡᠨ ᠦᠭᠡᠶ ᠦᠶ᠎ᠡ ᠳᠤ᠂ ᠠᠷᠠᠤᠨ ᠤᠨ ᠰᠢᠭᠦᠭᠦ ᠬᠤᠷᠢᠶ᠎ᠠ ᠡᠴᠡ ᠰᠢᠭᠦᠨ ᠳᠠᠰᠤᠯᠤᠨ᠎ᠠ᠃

ᠡᠴᠢᠭᠡ ᠪᠣᠶᠤ ᠡᠭᠡ ᠶᠢᠨ ᠦᠷ᠎ᠡ ᠭᠡᠦᠭᠡᠤᠨ ᠶᠢᠡᠨ ᠡᠷᠭᠢᠵᠤ ᠥᠵᠡᠭᠦ ᠶᠠᠪᠣᠳᠠᠯ ᠨᠢ ᠦᠷ᠎ᠡ ᠭᠡᠦᠭᠡᠤᠨ ᠤᠨ ᠭᠢᠨᠢ ᠪᠠᠶ᠎ᠠ ᠰᠠᠤᠠᠭᠢᠯ ᠤᠨ ᠡᠷᠡᠭᠦᠯ ᠮᠠᠠᠳᠤ ᠳᠤ ᠠᠰᠢᠭ ᠦᠭᠡᠶ ᠪᠣᠯ ᠠᠷᠠᠤᠨ ᠤᠨ ᠰᠢᠭᠦᠭᠦ ᠬᠤᠷᠢᠶ᠎ᠠ ᠡᠴᠡ ᠡᠷᠭᠢᠵᠤ ᠥᠵᠡᠭᠦ ᠡᠷᠭᠡ ᠶᠢ ᠨᠢ ᠬᠠᠤᠯᠢ ᠶᠤᠰᠤᠭᠠᠷ ᠳᠤᠷᠭᠤᠨ ᠵᠤᠭᠰᠤᠭᠠᠨ᠎ᠠ ; ᠳᠤᠷᠭᠤᠨ ᠵᠤᠭᠰᠤᠭᠠᠭᠰᠠᠨ ᠣᠴᠢᠷ ᠰᠢᠯᠳᠠᠭᠠᠨ ᠨᠢ ᠠᠷᠢᠯᠤᠭᠰᠠᠨ ᠪᠠᠢ᠌ᠪᠠᠯ᠂ ᠡᠷᠭᠢᠵᠤ ᠥᠵᠡᠭᠦ ᠡᠷᠭᠡ ᠶᠢ ᠨᠢ ᠰᠡᠷᠭᠦᠭᠡᠭᠦ ᠭᠡᠷᠡᠭ᠍ᠳᠡᠢ᠃

ᠭᠤᠴᠢ ᠶ‍ᠢᠰᠦᠳᠦᠭᠡᠷ ᠵᠣᠢ᠌ᠯ ᠣᠷᠤᠭ ᠰᠠᠯᠬᠤ ᠦᠶ᠎ᠡ ᠳᠤ ᠡᠷ᠎ᠡ ᠡᠮ᠎ᠡ ᠬᠤᠶᠠᠭᠤᠯᠠ ᠶᠢᠨ ᠬᠠᠮᠳᠤ ᠶᠢᠨ ᠡᠳ᠋ ᠭᠦᠷᠦᠩᠭᠡ ᠪᠠᠨ ᠬᠤᠶᠠᠷ ᠡᠳᠡᠭᠡᠤᠨ ᠶᠢᠡᠷ ᠶᠢᠡᠨ ᠭᠡᠯᠡᠯᠴᠡᠵᠤ ᠪᠠᠢ᠌ᠭᠠᠤᠨ ᠰᠢ᠌ᠤᠠᠪᠣᠷᠢᠯᠠᠨ᠎ᠠ; ᠭᠡᠯᠡᠯᠴᠡᠭᠡᠤᠨ ᠪᠦᠳᠦᠭ᠍ᠰᠡᠨ ᠦᠭᠡᠶ ᠦᠶ᠎ᠡ ᠳᠤ ᠠᠷᠠᠤᠨ ᠤᠨ ᠰᠢᠭᠦᠭᠦ ᠬᠤᠷᠢᠶ᠎ᠠ ᠡᠴᠡ ᠡᠳ᠋ ᠭᠦᠷᠦᠩᠭᠡ ᠶᠢᠨ ᠭᠢᠨᠢ ᠪᠣᠳᠠᠳᠤ ᠪᠠᠢ᠌ᠳᠠᠯ ᠢ ᠦᠨᠳᠦᠰᠦᠯᠠᠨ᠂ ᠦᠷ᠎ᠡ ᠭᠡᠦᠭᠡᠤᠨ ᠪᠠ ᠡᠮᠡᠭ᠍ᠳᠡᠢ ᠡᠳᠡᠭᠡᠤᠨ ᠤᠨ ᠡᠷᠭᠡ ᠠᠰᠢᠭ ᠢ ᠬᠠᠷᠠᠭᠠᠯᠵᠠᠬᠤ ᠵᠠᠷᠴᠢᠮ ᠶᠢᠡᠷ ᠰᠢᠭᠦᠨ ᠳᠠᠰᠤᠯᠤᠨ᠎ᠠ᠃ ᠭᠡᠷ ᠪᠦᠯᠢ ᠶᠢᠨ ᠭᠠᠵᠠᠷ ᠳᠠᠷᠢᠶ᠎ᠠ ᠳᠠᠭᠠᠭᠠᠴᠢᠯᠠᠨ ᠡᠵᠡᠩᠨᠡᠭᠦ ᠶᠠᠪᠣᠳᠠᠯ ᠳ᠋ᠠᠭᠢ ᠡᠷ᠎ᠡ ᠪᠣᠶᠤ ᠡᠭᠡᠨᠡᠷ ᠤᠨ ᠡᠳ᠋ᠯᠡᠭᠦ ᠡᠷᠭᠡ ᠠᠰᠢᠭ ᠵᠡᠷᠭᠡ ᠶᠢ ᠬᠠᠤᠯᠢ ᠶᠤᠰᠤᠭᠠᠷ ᠬᠠᠮᠠᠭᠠᠯᠠᠬᠤ ᠭᠡᠷᠡᠭ᠍ᠳᠡᠢ᠃

ᠳᠦᠴᠢᠳᠦᠭᠡᠷ ᠵᠣᠢ᠌ᠯ ᠡᠷ᠎ᠡ ᠡᠮ᠎ᠡ ᠬᠤᠶᠠᠭᠤᠯᠠ ᠶᠢᠨ ᠣᠷᠤᠭ ᠤᠨ ᠬᠠᠷᠢᠴᠠᠭ᠎ᠠ ᠥᠷᠭᠦᠯᠵᠢᠯᠡᠵᠤ ᠪᠠᠢ᠌ᠭᠰᠠᠨ ᠬᠤᠭᠤᠴᠠᠭᠠᠨ ᠳᠠᠭᠠᠨ ᠣᠯᠤᠭᠰᠠᠨ ᠡᠳ᠋ ᠭᠦᠷᠦᠩᠭᠡ ᠶᠢ ᠬᠤᠪᠢ ᠬᠤᠪᠢᠨ ᠳᠠᠭᠠᠨ ᠦᠮᠴᠢᠯᠠᠨ᠎ᠠ ᠭᠡᠵᠤ ᠪᠢᠴᠢᠭ᠌ ᠶᠢᠡᠷ ᠪᠣᠯᠵᠤᠨ ᠳᠤᠭᠳᠠᠭᠰᠠᠨ ᠪᠠᠢ᠌ᠳᠠᠯ ᠳᠤᠤᠷ᠎ᠠ᠂ ᠨᠢᠭᠡ ᠡᠳᠡᠭᠡᠤᠨ ᠨᠢ ᠦᠷ᠎ᠡ ᠭᠡᠦᠭᠡᠤᠨ ᠶᠢᠡᠨ ᠠᠰᠠᠷᠠᠵᠤ ᠪᠣᠢ᠌ᠵᠢᠭᠤᠯᠬᠤ᠂ ᠨᠠᠰᠤᠳᠠᠨ ᠶᠢᠡᠨ ᠠᠴᠢᠯᠠᠵᠤ ᠬᠠᠷᠠᠭᠠᠯᠵᠠᠬᠤ᠂ ᠨᠥᠭᠦᠭᠡ ᠡᠳᠡᠭᠡᠤᠨ ᠤᠨ ᠶᠢᠡᠨ ᠠᠵᠢᠯ ᠳᠤ ᠬᠠᠮᠵᠢᠯᠴᠠᠬᠤ ᠮᠠᠳᠤ ᠪᠠᠷ ᠢᠯᠡᠭᠦᠭᠡᠨ ᠰᠢᠭ᠌ ᠡᠭᠦᠷᠭᠡ ᠬᠠᠷᠢᠭᠤᠴᠠᠯᠭ᠎ᠠ ᠭᠦᠢᠴᠡᠦᠡᠭᠡᠭ᠍ᠰᠡᠨ ᠪᠠᠢ᠌ᠪᠠᠯ ᠂ ᠣᠷᠤᠭ ᠰᠠᠯᠬᠤ ᠦᠶ᠎ᠡ ᠳᠤ ᠨᠥᠭᠦᠭᠡ ᠡᠳᠡᠭᠡᠤᠨ ᠡᠴᠡ ᠪᠠᠨ ᠨᠥᠭᠦᠪᠦᠷᠢ ᠠᠪᠬᠤ ᠪᠠᠷ ᠭᠤᠶᠤᠴᠢᠯᠠᠬᠤ ᠡᠷᠭᠡ ᠲᠡᠶ᠂ ᠨᠥᠭᠦᠭᠡ ᠡᠳᠡᠭᠡᠤᠨ ᠨᠢ ᠨᠥᠭᠦᠪᠦᠷᠢ ᠦᠭ‍ᠭᠦ ᠭᠡᠷᠡᠭ᠍ᠳᠡᠢ᠃

ᠳᠦᠴᠢᠨ ᠨᠢᠭᠡᠳᠦᠭᠡᠷ ᠵᠣᠢ᠌ᠯ ᠣᠷᠤᠭ ᠰᠠᠯᠬᠤ ᠦᠶ᠎ᠡ ᠳᠤ ᠡᠷ᠎ᠡ ᠡᠮ᠎ᠡ ᠬᠤᠶᠠᠭᠤᠯᠠ ᠶᠢᠨ ᠬᠠᠮᠳᠤ ᠠᠮᠢᠳᠤᠷᠠᠵᠤ ᠪᠠᠢ᠌ᠬᠤ ᠳᠠᠭᠠᠨ ᠥᠷᠢᠳᠦᠭ᠍ᠰᠡᠨ ᠦᠷᠢ ᠰᠢᠷᠢ ᠪᠠᠨ ᠬᠠᠮᠳᠤᠪᠠᠷ ᠳᠦᠯᠦᠭᠦ ᠭᠡᠷᠡᠭ᠍ᠳᠡᠢ᠃ ᠬᠠᠮᠳᠤ ᠶᠢᠨ ᠡᠳ᠋ ᠭᠦᠷᠦᠩᠭᠡ ᠨᠢ ᠲᠦᠯᠦᠵᠤ ᠭᠦᠷᠭᠦ ᠦᠭᠡᠶ᠂ ᠡᠰᠡᠭᠦᠯ᠎ᠡ ᠡᠳ᠋ ᠭᠦᠷᠦᠩᠭᠡ ᠪᠠᠨ ᠬᠤᠪᠢ ᠬᠤᠪᠢᠨ ᠳᠠᠭᠠᠨ ᠦᠮᠴᠢᠯᠠᠵᠤ ᠪᠠᠢ᠌ᠭᠰᠠᠨ ᠪᠠᠢ᠌ᠪᠠᠯ᠂ ᠬᠤᠶᠠᠷ ᠡᠳᠡᠭᠡᠤᠨ ᠶᠢᠡᠷ ᠶᠢᠡᠨ ᠭᠡᠯᠡᠯᠴᠡᠵᠤ ᠪᠠᠢ᠌ᠭᠠᠤᠨ ᠲᠦᠯᠦᠵᠤ ᠳᠠᠭᠤᠰᠬᠠᠬᠤ ᠭᠡᠷᠡᠭ᠍ᠳᠡᠢ ; ᠭᠡᠯᠡᠯᠴᠡᠭᠡᠤᠨ ᠪᠦᠳᠦᠭ᠍ᠰᠡᠨ ᠦᠭᠡᠶ ᠦᠶ᠎ᠡ ᠳᠤ ᠠᠷᠠᠤᠨ ᠤᠨ ᠰᠢᠭᠦᠭᠦ ᠬᠤᠷᠢᠶ᠎ᠠ ᠡᠴᠡ ᠰᠢᠭᠦᠨ ᠳᠠᠰᠤᠯᠤᠨ᠎ᠠ᠃

ᠳᠦᠴᠢᠨ ᠬᠤᠶᠠᠳᠤᠭᠠᠷ ᠵᠣᠢ᠌ᠯ ᠣᠷᠤᠭ ᠰᠠᠯᠬᠤ ᠦᠶ᠎ᠡ ᠳᠤ ᠨᠢᠭᠡ ᠡᠳᠡᠭᠡᠤᠨ ᠤᠨ ᠠᠮᠢᠳᠤᠷᠠᠯ ᠨᠢ ᠭᠦᠴᠢᠷᠳᠡᠯ ᠲᠡᠶ ᠪᠣᠯ ᠨᠥᠭᠦᠭᠡ ᠡᠳᠡᠭᠡᠤᠨ ᠨᠢ ᠣᠷᠤᠨ ᠰᠠᠭᠤᠴᠠ ᠵᠡᠷᠭᠡ ᠬᠤᠪᠢ ᠭᠦᠮᠤᠨ ᠤ ᠡᠳ᠋ ᠭᠦᠷᠦᠩᠭᠡ ᠶᠢᠨ ᠳᠤᠳᠤᠷ᠎ᠠ ᠡᠴᠡ ᠪᠠᠨ ᠵᠤᠭᠢᠬᠤ ᠭᠡᠮᠵᠢᠶ᠎ᠡ ᠪᠠᠷ ᠳᠤᠰᠠᠯᠠᠬᠤ ᠭᠡᠷᠡᠭ᠍ᠳᠡᠢ᠃ ᠪᠣᠳᠠᠳᠠᠢ ᠠᠷᠭ᠎ᠠ ᠶᠢ ᠬᠤᠶᠠᠷ ᠡᠳᠡᠭᠡᠤᠨ ᠶᠢᠡᠷ ᠶᠢᠡᠨ ᠭᠡᠯᠡᠯᠴᠡᠨ ᠳᠤᠭᠳᠠᠭᠠᠨ᠎ᠠ; ᠭᠡᠯᠡᠯᠴᠡᠭᠡᠤᠨ ᠪᠦᠳᠦᠭ᠍ᠰᠡᠨ ᠦᠭᠡᠶ ᠦᠶ᠎ᠡ ᠳᠤ ᠠᠷᠠᠤᠨ ᠤᠨ ᠰᠢᠭᠦᠭᠦ ᠬᠤᠷᠢᠶ᠎ᠠ ᠡᠴᠡ ᠰᠢᠭᠦᠨ ᠳᠠᠰᠤᠯᠤᠨ᠎ᠠ᠃


ᠳᠠᠪᠣᠳᠤᠭᠠᠷ ᠪᠦᠯᠦᠭ᠌     ᠠᠪᠣᠷᠠᠨ ᠳᠤᠰᠠᠯᠠᠬᠤ ᠠᠷᠭ᠎ᠠ ᠭᠡᠮᠵᠢᠶ᠎ᠡ ᠭᠢᠭᠡᠤᠨ ᠬᠠᠤᠯᠢ ᠶᠢᠨ ᠬᠠᠷᠢᠭᠤᠴᠠᠯᠭ᠎ᠠ


ᠳᠦᠴᠢᠨ ᠭᠤᠷᠪᠠᠳᠤᠭᠠᠷ ᠵᠣᠢ᠌ᠯ ᠭᠡᠷ ᠪᠦᠯᠢ ᠶᠢᠨ ᠭᠦᠴᠦᠷᠭᠡᠭ᠍ᠯᠡᠯ ᠶᠠᠪᠣᠭᠤᠯᠤᠭᠰᠠᠨ ᠪᠣᠶᠤ ᠭᠡᠷ ᠪᠦᠯᠢ ᠶᠢᠨ ᠪᠦᠷᠢᠯᠳᠦᠭᠦᠨ ᠳᠡᠭᠡᠨ ᠬᠠᠯᠠ ᠥᠵᠡᠭᠦᠯᠦᠭ᠍ᠰᠡᠨ ᠪᠠᠢ᠌ᠪᠠᠯ᠂ ᠬᠤᠤᠷ ᠠᠮᠰᠠᠭᠴᠢ ᠨᠢ ᠭᠤᠶᠤᠴᠢᠯᠠᠯ ᠭᠠᠷᠭᠠᠬᠤ ᠡᠷᠭᠡ ᠲᠡᠶ᠂ ᠰᠠᠭᠤᠭᠠᠯᠢ ᠠᠷᠠᠤᠨ ᠤᠨ ᠵᠦᠪᠯᠠᠯ᠂ ᠭᠠᠴᠠᠭᠠᠨ ᠤ ᠠᠷᠠᠤᠨ ᠤᠨ ᠵᠦᠪᠯᠠᠯ ᠵᠢᠴᠢ ᠠᠵᠢᠯᠯᠠᠵᠤ ᠪᠠᠢ᠌ᠭ᠎ᠠ ᠨᠢᠭᠡᠴᠢ ᠡᠴᠡ ᠢᠤᠠᠬᠠᠨ ᠬᠤᠷᠢᠭᠯᠠᠵᠤ᠂ ᠡᠶᠡᠳᠡᠭᠦᠯᠭᠦ ᠭᠡᠷᠡᠭ᠍ᠳᠡᠢ᠃

ᠭᠡᠷ ᠪᠦᠯᠢ ᠶᠢᠨ ᠭᠦᠴᠦᠷᠭᠡᠭ᠍ᠯᠡᠯ ᠶᠠᠪᠣᠭᠤᠯᠵᠤ ᠪᠠᠢ᠌ᠭ᠎ᠠ ᠦᠶ᠎ᠡ ᠳᠤ ᠬᠤᠤᠷ ᠠᠮᠰᠠᠭᠴᠢ ᠨᠢ ᠭᠤᠶᠤᠴᠢᠯᠠᠯ ᠭᠠᠷᠭᠠᠬᠤ ᠡᠷᠭᠡ ᠲᠡᠶ᠂ ᠰᠠᠭᠤᠭᠠᠯᠢ ᠠᠷᠠᠤᠨ ᠤᠨ ᠵᠦᠪᠯᠠᠯ᠂ ᠭᠠᠴᠠᠭᠠᠨ ᠤ ᠠᠷᠠᠤᠨ ᠤᠨ ᠵᠦᠪᠯᠠᠯ ᠡᠴᠡ ᠢᠤᠠᠬᠠᠨ ᠬᠤᠷᠢᠭᠯᠠᠬᠤ ᠭᠡᠷᠡᠭ᠍ᠳᠡᠢ ; ᠳᠤᠳᠤᠭᠠᠳᠤ ᠶᠢ ᠬᠠᠮᠠᠭᠠᠯᠠᠬᠤ ᠪᠠᠢ᠌ᠭᠤᠯᠤᠯᠭ᠎ᠠ ᠡᠴᠡ ᠬᠤᠷᠢᠭᠯᠠᠨ ᠵᠤᠭᠰᠤᠭᠠᠬᠤ ᠭᠡᠷᠡᠭ᠍ᠳᠡᠢ᠃

ᠭᠡᠷ ᠪᠦᠯᠢ ᠶᠢᠨ ᠭᠦᠴᠦᠷᠭᠡᠭ᠍ᠯᠡᠯ ᠶᠠᠪᠣᠭᠤᠯᠤᠭᠰᠠᠨ ᠪᠣᠶᠤ ᠭᠡᠷ ᠪᠦᠯᠢ ᠶᠢᠨ ᠪᠦᠷᠢᠯᠳᠦᠭᠦᠨ ᠳᠡᠭᠡᠨ ᠬᠠᠯᠠ ᠥᠵᠡᠭᠦᠯᠦᠭ᠍ᠰᠡᠨ ᠶᠠᠪᠣᠳᠠᠯ ᠳᠤ ᠬᠤᠤᠷ ᠠᠮᠰᠠᠭᠴᠢ ᠨᠢ ᠭᠤᠶᠤᠴᠢᠯᠠᠯ ᠭᠠᠷᠭᠠᠭᠰᠠᠨ ᠪᠠᠢ᠌ᠪᠠᠯ᠂ ᠳᠤᠳᠤᠭᠠᠳᠤ ᠵᠢ ᠬᠠᠮᠠᠭᠠᠯᠠᠬᠤ ᠪᠠᠢ᠌ᠭᠤᠯᠤᠯᠭ᠎ᠠ ᠡᠴᠡ ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ ᠰᠢᠦᠡᠭᠡᠯ ᠤᠨ ᠬᠠᠤᠯᠢ ᠶᠢᠨ ᠳᠤᠭᠳᠠᠭᠠᠯ ᠶᠤᠰᠤᠭᠠᠷ ᠵᠠᠰᠠᠭ ᠵᠠᠭᠢᠷᠭᠠᠨ ᠤ ᠰᠢᠦᠡᠭᠡᠯ ᠦᠭ‍ᠭᠦ ᠭᠡᠷᠡᠭ᠍ᠳᠡᠢ᠃

ᠳᠦᠴᠢᠨ ᠳᠦᠷᠪᠠᠳᠦᠭᠡᠷ ᠵᠣᠢ᠌ᠯ ᠭᠡᠷ ᠪᠦᠯᠢ ᠶᠢᠨ ᠪᠦᠷᠢᠯᠳᠦᠭᠦᠨ ᠶᠢᠡᠨ ᠭᠤᠯᠤᠵᠤ ᠣᠷᠭᠢᠭᠰᠠᠨ ᠪᠠᠢ᠌ᠪᠠᠯ᠂ ᠬᠤᠤᠷ ᠠᠮᠰᠠᠭᠴᠢ ᠨᠢ ᠭᠤᠶᠤᠴᠢᠯᠠᠯ ᠭᠠᠷᠭᠠᠬᠤ ᠡᠷᠭᠡ ᠲᠡᠶ᠂ ᠰᠠᠭᠤᠭᠠᠯᠢ ᠠᠷᠠᠤᠨ ᠤᠨ ᠵᠦᠪᠯᠠᠯ᠂ ᠭᠠᠴᠠᠭᠠᠨ ᠤ ᠠᠷᠠᠤᠨ ᠤᠨ ᠵᠦᠪᠯᠠᠯ ᠵᠢᠴᠢ ᠠᠵᠢᠯᠯᠠᠵᠤ ᠪᠠᠢ᠌ᠭ᠎ᠠ ᠨᠢᠭᠡᠴᠢ ᠡᠴᠡ ᠢᠤᠠᠬᠠᠨ ᠬᠤᠷᠢᠭᠯᠠᠵᠤ᠂ ᠡᠶᠡᠳᠡᠭᠦᠯᠭᠦ ᠭᠡᠷᠡᠭ᠍ᠳᠡᠢ᠃

ᠭᠡᠷ ᠪᠦᠯᠢ ᠶᠢᠨ ᠪᠦᠷᠢᠯᠳᠦᠭᠦᠨ ᠶᠢᠡᠨ ᠭᠤᠯᠤᠵᠤ ᠣᠷᠭᠢᠭᠰᠠᠨ ᠡᠴᠡ ᠪᠣᠯᠵᠤ ᠬᠤᠤᠷ ᠠᠮᠰᠠᠭᠴᠢ ᠨᠢ ᠭᠤᠶᠤᠴᠢᠯᠠᠯ ᠭᠠᠷᠭᠠᠭᠰᠠᠨ ᠪᠠᠢ᠌ᠪᠠᠯ᠂ ᠠᠷᠠᠤᠨ ᠤᠨ ᠰᠢᠭᠦᠭᠦ ᠬᠤᠷᠢᠶ᠎ᠠ ᠬᠠᠤᠯᠢ ᠶᠤᠰᠤᠭᠠᠷ ᠳᠡᠦᠡᠭᠦᠨ ᠳᠡᠵᠢᠭᠡᠭᠦ ᠵᠠᠷᠤᠳᠠᠯ᠂ ᠠᠰᠠᠷᠠᠨ ᠳᠡᠵᠢᠭᠡᠭᠦ ᠵᠠᠷᠤᠳᠠᠯ᠂ ᠠᠴᠢᠯᠠᠨ ᠳᠡᠵᠢᠭᠡᠭᠦ ᠵᠠᠷᠤᠳᠠᠯ ᠭᠠᠷᠭᠠᠭᠤᠯᠬᠤ ᠪᠠᠷ ᠰᠢᠭᠦᠨ ᠳᠠᠰᠤᠯᠬᠤ ᠭᠡᠷᠡᠭ᠍ᠳᠡᠢ᠃

ᠳᠦᠴᠢᠨ ᠳᠠᠪᠣᠳᠤᠭᠠᠷ ᠵᠣᠢ᠌ᠯ ᠳᠠᠪᠬᠤᠷ ᠣᠷᠤᠭᠯᠠᠭᠰᠠᠨ ᠂ ᠭᠡᠷ ᠪᠦᠯᠢ ᠶᠢᠨ ᠭᠦᠴᠦᠷᠭᠡᠭ᠍ᠯᠡᠯ ᠶᠠᠪᠣᠭᠤᠯᠤᠭᠰᠠᠨ ᠪᠣᠶᠤ ᠭᠡᠷ ᠪᠦᠯᠢ ᠶᠢᠨ ᠪᠦᠷᠢᠯᠳᠦᠭᠦᠨ ᠳᠡᠭᠡᠨ ᠬᠠᠯᠠ ᠥᠵᠡᠭᠦᠯᠦᠭ᠍ᠰᠡᠨ᠂ ᠳᠠᠷᠠ ᠶᠢ ᠭᠤᠯᠤᠵᠤ ᠣᠷᠭᠢᠭᠰᠠᠨ ᠡᠴᠡ ᠶᠠᠯ᠎ᠠ ᠪᠣᠯᠵᠤ ᠪᠦᠷᠢᠯᠳᠦᠭ᠍ᠰᠡᠨ ᠪᠠᠢ᠌ᠪᠠᠯ᠂ ᠬᠠᠤᠯᠢ ᠶᠤᠰᠤᠭᠠᠷ ᠡᠷᠡᠭᠦᠤ ᠶᠢᠨ ᠬᠠᠷᠢᠭᠤᠴᠠᠯᠭ᠎ᠠ ᠨᠡᠭᠡᠮᠵᠢᠯᠡᠨ᠎ᠡ᠃ ᠬᠤᠤᠷ ᠠᠮᠰᠠᠭᠴᠢ ᠨᠢ ᠡᠷᠡᠭᠦᠤ ᠶᠢᠨ ᠵᠠᠷᠭᠤ ᠶᠢᠨ ᠬᠤᠯᠪᠣᠭᠳᠠᠯ ᠪᠦᠭᠦᠢ ᠳᠤᠭᠳᠠᠭᠠᠯ ᠶᠤᠰᠤᠭᠠᠷ ᠠᠷᠠᠤᠨ ᠤᠨ ᠰᠢᠭᠦᠭᠦ ᠬᠤᠷᠢᠶᠠᠨ ᠳᠤ ᠦᠪᠠᠰᠤᠪᠠᠨ ᠵᠠᠭᠠᠯᠳᠤᠵᠤ ᠪᠣᠯᠤᠨ᠎ᠠ ; ᠳᠤᠳᠤᠭᠠᠳᠤ ᠶᠢ ᠬᠠᠮᠠᠭᠠᠯᠠᠬᠤ ᠪᠠᠢ᠌ᠭᠤᠯᠤᠯᠭ᠎ᠠ ᠬᠠᠤᠯᠢ ᠶᠤᠰᠤᠭᠠᠷ ᠮᠦᠷᠳᠠᠨ ᠪᠠᠢ᠌ᠴᠠᠭᠠᠬᠤ ᠭᠡᠷᠡᠭ᠍ᠳᠡᠢ᠂ ᠠᠷᠠᠤᠨ ᠤᠨ ᠪᠠᠢ᠌ᠴᠠᠭᠠᠬᠤ ᠬᠤᠷᠢᠶ᠎ᠠ ᠬᠠᠤᠯᠢ ᠶᠤᠰᠤᠭᠠᠷ ᠠᠯᠪᠠᠨ ᠵᠠᠭᠠᠯᠳᠤᠯᠭ᠎ᠠ ᠭᠢᠭᠦ ᠭᠡᠷᠡᠭ᠍ᠳᠡᠢ᠃

ᠳᠦᠴᠢᠨ ᠵᠢᠷᠭᠤᠳᠤᠭᠠᠷ ᠵᠣᠢ᠌ᠯ ᠳᠤᠤᠷ᠎ᠠ ᠵᠢᠬᠰᠠᠭᠠᠭᠰᠠᠨ ᠪᠠᠢ᠌ᠳᠠᠯ ᠤᠳ ᠤᠨ ᠨᠢᠭᠡ ᠨᠢ ᠪᠠᠢ᠌ᠵᠤ᠂ ᠣᠷᠤᠭ ᠰᠠᠯᠬᠤ ᠳᠤ ᠭᠦᠷᠦᠭᠦᠯᠦᠭ᠍ᠰᠡᠨ ᠪᠠᠢ᠌ᠪᠠᠯ ᠪᠣᠷᠤᠭᠤ ᠦᠭᠡᠶ ᠡᠳᠡᠭᠡᠤᠨ ᠨᠢ ᠬᠤᠭᠢᠷᠠᠯ ᠠᠮᠰᠠᠭᠰᠠᠨ ᠲᠦᠯᠦᠪᠣᠷᠢ ᠠᠪᠬᠤ ᠪᠠᠷ ᠭᠤᠶᠤᠴᠢᠯᠠᠬᠤ ᠡᠷᠭᠡ ᠲᠡᠶ᠄

( ᠨᠢᠭᠡ )ᠳᠠᠪᠬᠤᠷ ᠣᠷᠤᠭᠯᠠᠭᠰᠠᠨ ;

( ᠬᠤᠶᠠᠷ )ᠬᠤᠯᠪᠣᠰᠤ ᠲᠡᠶ ᠪᠠᠢ᠌ᠭᠠᠤᠨ ᠪᠣᠰᠤᠳ ᠭᠦᠮᠤᠨ ᠲᠡᠶ ᠬᠠᠨᠢᠯᠠᠨ ᠰᠠᠭᠤᠭᠰᠠᠨ ;

( ᠭᠤᠷᠪᠠ )ᠬᠡᠷ ᠪᠦᠯᠢ ᠶᠢᠨ ᠭᠦᠴᠦᠷᠭᠡᠭ᠍ᠯᠡᠯ ᠶᠠᠪᠣᠭᠤᠯᠤᠭᠰᠠᠨ ;

( ᠳᠦᠷᠪᠡ )ᠭᠡᠷ ᠪᠦᠯᠢ ᠶᠢᠨ ᠪᠦᠷᠢᠯᠳᠦᠭᠦᠨ ᠳᠡᠭᠡᠨ ᠬᠠᠯᠠ ᠥᠵᠡᠭᠦᠯᠵᠤ᠂ ᠳᠡᠭᠦᠨ ᠢ ᠭᠤᠯᠤᠵᠤ ᠣᠷᠭᠢᠭᠰᠠᠨ᠃

ᠳᠦᠴᠢᠨ ᠳᠤᠯᠤᠳᠤᠭᠠᠷ ᠵᠣᠢ᠌ᠯ ᠣᠷᠤᠭ ᠰᠠᠯᠬᠤ ᠦᠶ᠎ᠡ ᠳᠤ ᠡᠷ᠎ᠡ ᠡᠮ᠎ᠡ ᠬᠤᠶᠠᠭᠤᠯᠠ ᠶᠢᠨ ᠬᠠᠮᠳᠤ ᠶᠢᠨ ᠡᠳ᠋ ᠭᠦᠷᠦᠩᠭᠡ ᠶᠢ ᠨᠢᠭᠡ ᠡᠳᠡᠭᠡᠤᠨ ᠨᠢ ᠨᠢᠭᠤᠨ ᠳᠠᠯᠳᠠᠯᠠᠭᠰᠠᠨ᠂ ᠰᠢᠯᠵᠢᠭᠦᠯᠦᠭ᠍ᠰᠡᠨ᠂ ᠬᠤᠳᠠᠯᠳᠤᠭᠰᠠᠨ᠂ ᠡᠪᠳᠡᠵᠤ ᠰᠥᠢᠦᠡᠭᠡᠭ᠍ᠰᠡᠨ ᠪᠣᠶᠤ ᠬᠤᠳᠠᠯ ᠬᠠᠭᠤᠷᠮᠠᠭ ᠦᠷᠢ ᠰᠢᠷᠢ ᠵᠤᠬᠢᠶᠠᠵᠤ᠂ ᠨᠥᠭᠦᠭᠡ ᠡᠳᠡᠭᠡᠤᠨ ᠤᠨ ᠶᠢᠡᠨ ᠡᠳ᠋ ᠭᠦᠷᠦᠩᠭᠡ ᠶᠢ ᠡᠵᠡᠯᠡᠵᠤ ᠠᠪᠬᠤ ᠪᠠᠷ ᠣᠷᠤᠯᠳᠤᠭᠰᠠᠨ ᠪᠠᠢ᠌ᠪᠠᠯ᠂ ᠡᠷ᠎ᠡ ᠡᠮ᠎ᠡ ᠬᠤᠶᠠᠭᠤᠯᠠ ᠶᠢᠨ ᠬᠠᠮᠳᠤ ᠶᠢᠨ ᠡᠳ᠋ ᠭᠦᠷᠦᠩᠭᠡ ᠶᠢ ᠬᠤᠪᠢᠳᠠᠨ ᠬᠤᠪᠢᠶᠠᠬᠤ ᠳᠠᠭᠠᠨ᠂ ᠡᠷ᠎ᠡ ᠡᠮ᠎ᠡ ᠬᠤᠶᠠᠭᠤᠯᠠ ᠶᠢᠨ ᠬᠠᠮᠳᠤ ᠶᠢᠨ ᠡᠳ᠋ ᠭᠦᠷᠦᠩᠭᠡ ᠶᠢ ᠨᠢᠭᠤᠨ ᠳᠠᠯᠳᠠᠯᠠᠭᠰᠠᠨ᠂ ᠰᠢᠯᠵᠢᠭᠦᠯᠦᠭ᠍ᠰᠡᠨ᠂ ᠬᠤᠳᠠᠯᠳᠤᠭᠰᠠᠨ᠂ ᠡᠪᠳᠡᠵᠤ ᠰᠥᠢᠦᠡᠭᠡᠭ᠍ᠰᠡᠨ ᠪᠣᠶᠤ ᠬᠤᠳᠠᠯ ᠬᠠᠭᠤᠷᠮᠠᠭ ᠦᠷᠢ ᠰᠢᠷᠢ ᠵᠤᠬᠢᠶᠠᠭᠰᠠᠨ ᠨᠢᠭᠡ ᠡᠳᠡᠭᠡᠤᠨ ᠳᠤᠨᠢ ᠴᠥᠭᠡᠨ ᠬᠤᠪᠢᠶᠠᠵᠤ ᠦᠭ‍ᠭᠦ ᠪᠣᠶᠤ ᠦᠭ‍ᠭᠦ ᠦᠭᠡᠶ ᠪᠠᠢ᠌ᠵᠤ ᠪᠣᠯᠤᠨ᠎ᠠ᠃ ᠣᠷᠤᠭ ᠰᠠᠯᠤᠭᠰᠠᠨ ᠤ ᠳᠠᠷᠠᠭ᠎ᠠ᠂ ᠨᠥᠭᠦᠭᠡ ᠡᠳᠡᠭᠡᠤᠨ ᠨᠢ ᠳᠡᠭᠡᠷ᠎ᠡ ᠳᠤᠷᠠᠳᠤᠭᠰᠠᠨ ᠣᠢ᠌ᠯᠠ ᠠᠵᠢᠯᠯᠠᠭ᠎ᠠ ᠲᠡᠶ ᠪᠠᠢ᠌ᠬᠤ ᠶᠢ ᠣᠯᠵᠤ ᠮᠠᠳᠠᠪᠠᠯ᠂ ᠠᠷᠠᠤᠨ ᠤᠨ ᠰᠢᠭᠦᠭᠦ ᠬᠤᠷᠢᠶᠠᠨ ᠳᠤ ᠵᠠᠭᠠᠯᠳᠤᠯᠭ᠎ᠠ ᠭᠠᠷᠭᠠᠵᠤ᠂ ᠡᠷ᠎ᠡ ᠡᠮ᠎ᠡ ᠬᠤᠶᠠᠭᠤᠯᠠ ᠶᠢᠨ ᠬᠠᠮᠳᠤ ᠶᠢᠨ ᠡᠳ᠋ ᠭᠦᠷᠦᠩᠭᠡ ᠶᠢ ᠳᠠᠭᠢᠵᠤ ᠬᠤᠪᠢᠳᠠᠨ ᠬᠤᠪᠢᠶᠠᠬᠤ ᠪᠠᠷ ᠭᠤᠶᠤᠴᠢᠯᠠᠵᠤ ᠪᠣᠯᠤᠨ᠎ᠠ᠃

ᠠᠷᠠᠤᠨ ᠤᠨ ᠰᠢᠭᠦᠭᠦ ᠬᠤᠷᠢᠶ᠎ᠠ ᠨᠢ ᠡᠮᠦᠨᠡᠭᠢ ᠪᠠᠳᠠᠭ ᠲᠤ ᠳᠤᠭᠳᠠᠭᠠᠭᠰᠠᠨ ᠢᠷᠭᠡᠨ ᠤ ᠵᠠᠷᠭᠤᠯᠳᠤᠭᠠᠨ ᠢ ᠬᠠᠷᠰᠢᠯᠠᠭᠰᠠᠨ ᠣᠢ᠌ᠯᠠ ᠠᠵᠢᠯᠯᠠᠭ᠎ᠠ ᠶᠢ ᠢᠷᠭᠡᠨ ᠤ ᠵᠠᠷᠭᠤ ᠶᠢᠨ ᠬᠠᠤᠯᠢ ᠶᠢᠨ ᠳᠤᠭᠳᠠᠭᠠᠯ ᠶᠤᠰᠤᠭᠠᠷ ᠵᠠᠯᠬᠠᠭᠠᠨ ᠰᠢᠦᠡᠭᠡᠨ᠎ᠡ᠃

ᠳᠦᠴᠢᠨ ᠨᠠᠢ᠍ᠮᠠᠳᠤᠭᠠᠷ ᠵᠣᠢ᠌ᠯ ᠳᠡᠦᠡᠭᠦᠨ ᠳᠡᠵᠢᠭᠡᠭᠦ ᠵᠠᠷᠤᠳᠠᠯ᠂ ᠠᠰᠠᠷᠠᠨ ᠳᠡᠵᠢᠭᠡᠭᠦ ᠵᠠᠷᠤᠳᠠᠯ ᠂ ᠠᠴᠢᠯᠠᠨ ᠳᠡᠵᠢᠭᠡᠭᠦ ᠵᠠᠷᠤᠳᠠᠯ ᠂ ᠡᠳ᠋ ᠭᠦᠷᠦᠩᠭᠡ ᠶᠢ ᠬᠤᠪᠢᠳᠠᠨ ᠬᠤᠪᠢᠶᠠᠬᠤ᠂ ᠦᠪ ᠵᠠᠯᠭᠠᠮᠵᠢᠯᠠᠬᠤ ᠂ ᠦᠷ᠎ᠡ ᠭᠡᠦᠭᠡᠤᠨ ᠶᠢᠡᠨ ᠡᠷᠭᠢᠨ ᠥᠵᠡᠭᠦ ᠵᠡᠷᠭᠡ ᠳᠤ ᠬᠤᠯᠪᠣᠭᠳᠠᠬᠤ ᠰᠢᠭᠦᠨ ᠳᠠᠰᠤᠯᠤᠯᠳᠠ ᠪᠣᠶᠤ ᠳᠤᠭᠳᠠᠭᠠᠯᠳᠠ ᠶᠢ ᠳᠡᠪᠴᠢᠭ᠍ᠰᠡᠨ ᠪᠠᠢ᠌ᠪᠠᠯ ᠠᠷᠠᠤᠨ ᠤᠨ ᠰᠢᠭᠦᠭᠦ ᠬᠤᠷᠢᠶ᠎ᠠ ᠬᠠᠤᠯᠢ ᠶᠤᠰᠤᠭᠠᠷ ᠠᠯᠪᠠᠳᠠᠨ ᠭᠦᠢᠴᠡᠦᠡᠭᠡᠭᠦᠯᠦᠨ᠎ᠡ᠃ ᠬᠤᠯᠪᠣᠭᠳᠠᠯ ᠪᠦᠭᠦᠢ ᠬᠤᠪᠢ ᠭᠦᠮᠤᠨ ᠪᠠ ᠨᠢᠭᠡᠴᠢ ᠨᠢ ᠬᠠᠪᠰᠤᠷᠤᠨ ᠭᠦᠢᠴᠡᠦᠡᠭᠡᠭᠦᠯᠭᠦ ᠬᠠᠷᠢᠭᠤᠴᠠᠯᠭ᠎ᠠ ᠡᠭᠦᠷᠭᠡᠯᠡᠭᠦ ᠭᠡᠷᠡᠭ᠍ᠳᠡᠢ᠃

ᠳᠦᠴᠢ ᠶ‍ᠢᠰᠦᠳᠦᠭᠡᠷ ᠵᠣᠢ᠌ᠯ ᠣᠷᠤᠭ ᠭᠡᠷ ᠪᠦᠯᠢ ᠳᠤ ᠬᠤᠯᠪᠣᠭᠳᠠᠬᠤ ᠬᠠᠤᠯᠢ ᠴᠠᠭᠠᠵᠠ ᠡᠴᠡ ᠵᠥᠷᠢᠴᠡᠭ᠍ᠰᠡᠨ ᠣᠢ᠌ᠯᠠ ᠠᠵᠢᠯᠯᠠᠭ᠎ᠠ ᠪᠠ ᠬᠠᠤᠯᠢ ᠶᠢᠨ ᠬᠠᠷᠢᠭᠤᠴᠠᠯᠭ᠎ᠠ ᠶᠢᠨ ᠳᠤᠬᠠᠢ ᠪᠣᠰᠤᠳ ᠬᠠᠤᠯᠢ ᠴᠠᠭᠠᠵᠠ ᠳᠤ ᠠᠰᠳᠠᠭᠠᠨ ᠳᠤᠭᠳᠠᠭᠠᠯ ᠲᠡᠶ ᠪᠠᠢ᠌ᠪᠠᠯ᠂ ᠳᠠᠷᠠ ᠳᠤᠭᠳᠠᠭᠠᠯ ᠢ ᠵᠢᠷᠤᠮᠯᠠᠨ᠎ᠠ᠃


ᠵᠢᠷᠭᠤᠳᠤᠭᠠᠷ ᠪᠦᠯᠦᠭ᠌    ᠳᠠᠭᠠᠯᠳᠤᠭᠤᠯᠤᠭᠰᠠᠨ ᠳᠦᠷᠢᠮ


ᠳᠠᠪᠢᠳᠤᠭᠠᠷ ᠵᠣᠢ᠌ᠯ ᠦᠨᠳᠦᠰᠦᠳᠠᠨ ᠤ ᠥᠪᠠᠷᠳᠡᠭᠡᠨ ᠵᠠᠰᠠᠬᠤ ᠣᠷᠤᠨ ᠨᠤᠳᠤᠭ ᠤᠨ ᠠᠷᠠᠤᠨ ᠤᠨ ᠳᠦᠯᠦᠭᠡᠯᠡᠭ᠍ᠴᠢᠤᠨ ᠤᠨ ᠶᠡᠭᠡ ᠬᠤᠷᠠᠯ ᠨᠢ ᠳᠤᠬᠠᠢ ᠶᠢᠨ ᠭᠠᠵᠠᠷ ᠣᠷᠤᠨ ᠤ ᠪᠠᠨ ᠦᠨᠳᠦᠰᠦᠳᠠᠨ ᠤ ᠣᠷᠤᠭ ᠭᠡᠷ ᠪᠦᠯᠢ ᠶᠢᠨ ᠪᠣᠳᠠᠳᠤ ᠪᠠᠢ᠌ᠳᠠᠯ ᠲᠡᠶ ᠪᠠᠨ ᠣᠶᠠᠯᠳᠤᠭᠤᠯᠤᠨ ᠵᠤᠭᠢᠴᠠᠩᠭ᠋ᠤᠢ ᠳᠤᠭᠳᠠᠭᠠᠯ ᠳᠤᠭᠳᠠᠭᠠᠬᠤ ᠡᠷᠭᠡ ᠲᠡᠶ ; ᠥᠪᠠᠷᠳᠡᠭᠡᠨ ᠵᠠᠰᠠᠬᠤ ᠵᠸᠤ᠂ ᠥᠪᠠᠷᠳᠡᠭᠡᠨ ᠵᠠᠰᠠᠬᠤ ᠰᠢᠶᠠᠨ ᠤ ᠳᠤᠭᠳᠠᠭᠠᠭᠰᠠᠨ ᠵᠤᠭᠢᠴᠠᠩᠭ᠋ᠤᠢ ᠳᠤᠭᠳᠠᠭᠠᠯ ᠨᠢ ᠮᠤᠵᠢ᠂ ᠥᠪᠠᠷᠳᠡᠭᠡᠨ ᠵᠠᠰᠠᠬᠤ ᠣᠷᠤᠨ᠂ ᠰᠢᠭᠤᠳ ᠬᠠᠷᠢᠶ᠎ᠠ ᠬᠤᠳᠠ ᠶᠢᠨ ᠠᠷᠠᠤᠨ ᠤᠨ ᠳᠦᠯᠦᠭᠡᠯᠡᠭ᠍ᠴᠢᠤᠨ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠳᠤ ᠮᠡᠳᠡᠭᠦᠯᠵᠤ ᠵᠥᠪᠰᠢᠶᠡᠷᠡᠭᠦᠯᠦᠭ᠍ᠰᠡᠨ ᠤ ᠳᠠᠷᠠᠭ᠎ᠠ ᠭᠦᠴᠤᠨ ᠲᠡᠶ ᠪᠣᠯᠤᠨ᠎ᠠ᠃ ᠥᠪᠠᠷᠳᠡᠭᠡᠨ ᠵᠠᠰᠠᠬᠤ ᠣᠷᠤᠨ ᠤ ᠳᠤᠭᠳᠠᠭᠠᠭᠰᠠᠨ ᠵᠤᠭᠢᠴᠠᠩᠭ᠋ᠤᠢ ᠳᠤᠭᠳᠠᠭᠠᠯ ᠨᠢ ᠪᠦᠭᠦ ᠣᠯᠤᠰ ᠤᠨ ᠠᠷᠠᠤᠨ ᠤᠨ ᠳᠦᠯᠦᠭᠡᠯᠡᠭ᠍ᠴᠢᠤᠨ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠳᠤ ᠮᠡᠳᠡᠭᠦᠯᠵᠤ ᠵᠥᠪᠰᠢᠶᠡᠷᠡᠭᠦᠯᠦᠭ᠍ᠰᠡᠨ ᠤ ᠳᠠᠷᠠᠭ᠎ᠠ ᠭᠦᠴᠤᠨ ᠲᠡᠶ ᠪᠣᠯᠤᠨ᠎ᠠ᠃

ᠳᠠᠪᠢᠨ ᠨᠢᠭᠡᠳᠦᠭᠡᠷ ᠵᠣᠢ᠌ᠯ ᠳᠤᠰ ᠬᠠᠤᠯᠢ ᠶᠢ 1981 ᠣᠨ ᠤ 1 ᠰᠠᠷ᠎ᠠ ᠶᠢᠨ 1 ᠤ ᠡᠳᠦᠷ ᠡᠴᠡ ᠭᠡᠷᠡᠭ᠍ᠵᠢᠭᠦᠯᠦᠨ᠎ᠡ᠃

ᠳᠤᠰ ᠬᠠᠤᠯᠢ ᠶᠢ ᠭᠡᠷᠡᠭ᠍ᠵᠢᠭᠦᠯᠦᠭ᠍ᠰᠡᠨ ᠡᠳᠦᠷ ᠡᠴᠡ 1950 ᠣᠨ ᠤ 5 ᠰᠠᠷ᠎ᠠ ᠶᠢᠨ 1 ᠤ ᠡᠳᠦᠷ ᠨᠠᠢ᠌ᠳᠠᠯᠠᠵᠤ ᠭᠡᠷᠡᠭ᠍ᠵᠢᠭᠦᠯᠦᠭ᠍ᠰᠡᠨ 《ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠤᠨ ᠣᠷᠤᠭ ᠤᠨ ᠬᠠᠤᠯᠢ》 ᠵᠢ ᠭᠦᠴᠤᠨ ᠦᠭᠡᠶ ᠪᠣᠯᠭᠠᠨ᠎ᠠ᠃

ᠬᠠᠷᠢᠶ᠎ᠠ᠄ ᠬᠠᠤᠯᠢ ᠳᠦᠷᠢᠮ
ᠳᠠᠷᠤᠮ᠄ 13057
ᠴᠠᠭ᠄ 2010 ᠤᠨ ᠤ 09 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ