ᠨᠡᠪᠲᠡᠷᠡᠨ ᠤᠷᠤᠬᠤ
ᠪᠠᠭ᠎ᠠ ᠰᠤᠷᠭᠠᠭᠤᠯᠢ ᠶᠢᠨ ᠳᠤᠤᠷ᠎ᠠ ᠣᠨ ᠳᠤ ᠭᠡᠷᠡᠭᠯᠡᠯᠳᠡ ᠶᠢᠨ ᠰᠠᠳᠤᠪ ᠵᠢᠭᠠᠬᠤ ᠳᠤ ᠠᠩᠬᠠᠷᠬᠤ ᠵᠣᠢ᠌ᠯ

ᠳᠤᠤᠷ᠎ᠠ ᠣᠨ ᠤ ᠰᠤᠷᠤᠭᠴᠢ ᠪᠣᠯ (1 ᠊᠊᠊᠊᠊᠊᠊᠊᠊᠊᠊᠊᠊᠊᠊ 2 ᠳ᠋ᠤᠭᠠᠷ ᠣᠨ ᠤ) ᠰᠠ‍‌ᠶᠢ ᠪᠦᠭᠦᠯᠢ ᠥᠭᠡ ᠶᠢ ᠦᠶᠡᠴᠢᠯᠠᠨ ᠣᠩᠰᠢᠵᠤ ᠪᠠᠢ᠌ᠬᠤ ᠳᠤᠯᠠ᠂ ᠭᠡᠷᠡᠭᠯᠡᠯᠳᠡ ᠶᠢᠨ ᠰᠠᠳᠤᠪ ᠵᠠᠳᠠᠯᠤᠨ ᠭᠢᠭᠦ ᠳᠤᠩ ᠭᠦᠴᠢᠷ ᠶᠤᠮ᠃ ᠳᠠᠢ᠌ᠮᠤ ᠡᠴᠡ ᠳᠤᠭᠠᠨ ᠤ ᠣᠬᠠᠭᠠᠨ ᠤ ᠰᠠᠭᠤᠷᠢ ᠶᠢ ᠳᠠᠯᠪᠢᠬᠤ ᠳᠤ ᠪᠠᠭᠰᠢ ᠶᠢᠨ ᠣᠢ᠌ᠯᠠᠳᠤᠯ ᠳᠤᠩ ᠴᠢᠬᠤᠯᠠ ᠪᠠᠢ᠌ᠳᠠᠭ᠃ ᠡᠨᠡᠭᠦ ᠠᠰᠠᠭᠤᠳᠠᠯ ᠢ ᠰᠢᠳᠪᠦᠷᠢᠯᠡᠭᠦ ᠭᠡᠪᠠᠯ᠂ ᠪᠠᠭᠰᠢ ᠡᠴᠡ ᠭᠡᠷᠡᠭᠯᠡᠯᠳᠡ ᠶᠢᠨ ᠰᠠᠳᠤᠪ ᠢ ᠪᠣᠳᠤᠬᠤ ᠳᠦᠷᠪᠠᠨ ᠠᠯᠬᠤᠮ ᠳᠠᠷᠠᠭ᠎ᠠ ᠳᠠᠷᠤᠢ᠂ ᠰᠠᠳᠤᠪ ᠤᠨ ᠤᠳᠬ᠎ᠠ ᠶᠢ ᠣᠢ᠌ᠯᠠᠭᠠᠬᠤ᠂ ᠵᠠᠳᠠᠯᠠᠬᠤ᠂ ᠪᠣᠳᠤᠵᠤ ᠬᠠᠷᠢᠭᠤᠯᠬᠤ᠂ ᠰᠢᠯᠭᠠᠨ ᠪᠣᠳᠤᠬᠤ ᠠᠷᠭ᠎ᠠ ᠶᠢ ᠡᠵᠡᠮᠰᠢᠭᠦᠯᠭᠦ ᠭᠡᠷᠡᠭ᠍ᠳᠡᠢ᠃

⒈ ᠭᠢᠴᠢᠶᠠᠯ ᠪᠡᠯᠡᠳᠭᠡᠭᠦ ᠳᠡᠭᠡᠨ ᠭᠦᠡᠵᠡᠭᠡᠢ᠂ ᠨᠠᠷᠢᠨ ᠭᠢᠨᠠᠮᠠᠭᠠᠢ᠂ ᠴᠢᠨᠠᠷᠯᠢᠭ ᠪᠠᠢ᠌ᠬᠤ ᠭᠡᠷᠡᠭ᠍ᠳᠡᠢ

ᠪᠠᠭ᠎ᠠ ᠰᠤᠷᠭᠠᠭᠤᠯᠢ ᠶᠢᠨ ᠳᠤᠭᠠᠨ ᠤ ᠭᠢᠴᠢᠶᠠᠯ ᠤᠨ ᠰᠤᠷᠬᠤ ᠪᠢᠴᠢᠭ᠌ ᠢ ᠠᠪᠤᠨ ᠥᠵᠡᠭᠦ ᠳᠤ ᠳᠦᠭᠦᠮ ᠪᠣᠯᠪᠠᠴᠤ᠂ ᠵᠦᠪ ᠣᠨᠤᠪᠴᠢᠳᠠᠢ ᠵᠢᠭᠠᠨ ᠰᠤᠷᠭᠠᠵᠤ᠂ ᠰᠢᠡᠵᠢᠯᠡᠭᠦ ᠣᠬᠠᠭᠠᠨ ᠤ ᠪᠣᠷᠤᠭᠤ ᠭᠠᠷᠭᠠᠬᠤ ᠦᠭᠡᠶ ᠭᠡᠪᠠᠯ ᠳᠤᠩ ᠭᠢᠯᠪᠠᠷ ᠪᠢᠰᠢ᠃ ᠡᠨᠡ ᠨᠢ ᠪᠠᠭᠰᠢ ᠶᠢᠨ ᠳᠤᠭᠠᠨ ᠤ ᠣᠬᠠᠭᠠᠨ ᠤ ᠰᠠᠭᠤᠷᠢ ᠣᠨᠤᠯ ᠤᠨ ᠮᠡᠳᠡᠯᠭᠡ ᠶᠢ ᠰᠠᠢ᠌ᠨ ᠡᠵᠡᠮᠰᠢᠭ᠍ᠰᠡᠨ ᠡᠰᠡᠭᠦ ᠲᠠᠢ ᠰᠢᠭᠤᠳ ᠬᠤᠯᠪᠣᠭᠳᠠᠨ᠎ᠠ᠃ ᠭᠢᠴᠢᠶᠠᠯ ᠢ ᠨᠠᠷᠢᠨ ᠨᠢᠮᠪᠠᠢ ᠪᠡᠯᠡᠳᠭᠡᠭᠦ ᠨᠢ ᠴᠢᠨᠠᠷᠵᠢᠭᠤᠨ ᠭᠢᠴᠢᠶᠡᠯᠯᠡᠭᠦ ᠶᠢᠨ ᠣᠷᠢᠳᠠᠯ ᠨᠥᠭᠦᠴᠡᠯ ᠮᠦᠨ᠃ ᠡᠢ᠌ᠮᠤ ᠡᠴᠡ ᠭᠢᠴᠢᠶᠠᠯ ᠪᠡᠯᠡᠳᠭᠡᠭᠦ ᠳᠤ ᠭᠢᠴᠢᠶᠠᠯ ᠤᠨ ᠠᠭᠢᠴᠠ᠂ ᠵᠢᠭᠠᠬᠤ ᠱᠠᠭᠠᠷᠳᠠᠯᠭ᠎ᠠ᠂ ᠵᠢᠭᠠᠬᠤ ᠠᠷᠭ᠎ᠠ ᠪᠠᠨ ᠳᠤᠭᠳᠠᠭᠠᠬᠤ ᠭᠡᠷᠡᠭ᠍ᠳᠡᠢ᠃ ᠪᠠᠭᠰᠢ ᠡᠴᠡ ᠰᠤᠷᠤᠭᠴᠢᠳ ᠤᠨ ᠪᠣᠳᠠᠳᠠᠢ ᠪᠠᠢ᠌ᠳᠠᠯ ᠳᠤ ᠳᠤᠭᠢᠷᠠᠭᠤᠯᠤᠨ ᠭᠢᠴᠢᠶᠠᠯ ᠶᠢᠡᠨ ᠨᠠᠷᠢᠨ ᠨᠢᠮᠪᠠᠢ ᠠᠮᠢᠳᠤᠯᠢᠭ ᠪᠡᠯᠡᠳᠭᠡᠭᠦ ᠪᠣᠯ ᠬᠠᠮᠤᠭ ᠴᠢᠬᠤᠯᠠ᠃ ᠡᠢ᠌ᠮᠤ ᠡᠴᠡ ᠪᠠᠭᠰᠢ ᠪᠣᠯᠤᠭᠰᠠᠤᠨ ᠡᠷᠭᠡᠪᠰᠢ ᠭᠢᠴᠢᠶᠠᠯ ᠤᠨ ᠪᠠᠷᠢᠮᠵᠢᠶ᠎ᠠ ᠶᠢ ᠭᠦᠡᠵᠡᠭᠡᠢ ᠰᠤᠳᠤᠯᠵᠤ᠂ ᠭᠢᠴᠢᠶᠠᠯ ᠤᠨ ᠪᠢᠴᠢᠭ᠌ ᠲᠤ ᠨᠡᠪᠳᠡᠷᠭᠡᠢ ᠪᠠᠢ᠌ᠵᠤ᠂ ᠰᠤᠷᠤᠭᠴᠢᠳ ᠤᠨ ᠰᠠᠭᠤᠷᠢ ᠮᠡᠳᠡᠯᠭᠡ ᠶᠢᠨ ᠪᠣᠳᠠᠳᠤ ᠪᠠᠢ᠌ᠳᠠᠯ ᠡᠴᠡ ᠡᠭᠦᠰᠴᠤ᠂ ᠶᠠᠮᠠᠷ ᠠᠯᠬᠤᠮ ᠳᠠᠷᠠᠭ᠎ᠠ᠂ ᠶᠠᠮᠠᠷ ᠠᠷᠭ᠎ᠠ ᠠᠪᠴᠠᠯ ᠰᠤᠩᠭ᠋ᠤᠨ ᠭᠡᠷᠡᠭᠯᠡᠭᠦ ᠵᠡᠷᠭᠡ ᠪᠦᠭᠦ ᠳᠠᠯ᠎ᠠ ᠡᠴᠡ ᠪᠣᠳᠤᠯᠭᠢᠯᠠᠨ ᠪᠡᠯᠡᠳᠭᠡᠭᠦ ᠭᠡᠷᠡᠭ᠍ᠳᠡᠢ᠃

⒉ ᠰᠠᠳᠤᠪ ᠶᠢᠡᠨ ᠣᠯᠠᠨ ᠳᠠᠭᠢᠨ ᠣᠩᠰᠢᠵᠤ᠂ ᠰᠠᠳᠤᠪ ᠤᠨ ᠤᠳᠬ᠎ᠠ ᠶᠢ ᠨᠢ ᠣᠢ᠌ᠯᠠᠭᠠᠬᠤ ᠶᠢ ᠱᠠᠭᠠᠷᠳᠠᠨ᠎ᠠ

ᠳᠤᠤᠷ᠎ᠠ ᠣᠨ ᠤ ᠰᠤᠷᠤᠭᠴᠢ ᠥᠭᠡ ᠭᠡᠯᠡᠨ ᠳᠤ ᠪᠠᠨ ᠭᠦᠴᠢᠷᠳᠡᠵᠤ᠂ ᠥᠭᠡᠰ ᠤᠨ ᠰᠠᠩ ᠪᠠᠶᠠᠯᠢᠭ ᠦᠭᠡᠶ ᠳᠤᠯᠠ ᠭᠡᠷᠡᠭᠯᠡᠯᠳᠡ ᠶᠢᠨ ᠰᠠᠳᠤᠪ ᠲᠤ ᠶᠠᠭᠤ ᠭᠡᠯᠡᠵᠤ᠂ ᠶᠠᠭᠠᠭᠢᠵᠤ ᠠᠰᠠᠭᠤᠵᠤ ᠪᠠᠢ᠌ᠭ᠎ᠠ ᠶᠢ ᠮᠡᠳᠡᠭᠦ ᠦᠭᠡᠶ ᠮᠦᠷᠳᠡᠭᠡᠨ ᠨᠠᠩ ᠴᠢᠨᠠᠭᠰᠢᠯᠠᠪᠠᠯ ᠵᠠᠷᠢᠮ ᠥᠭᠡ ᠶᠢᠨ ᠤᠳᠬ᠎ᠠ ᠶᠢ ᠨᠢ ᠣᠢ᠌ᠯᠠᠭᠠᠬᠤ ᠦᠭᠡᠶ᠃ ᠡᠢ᠌ᠮᠤ ᠡᠴᠡ ᠪᠠᠭᠰᠢ ᠰᠤᠷᠤᠭᠴᠢ ᠶᠢ ᠣᠯᠠᠨ ᠳᠠᠭᠢᠨ ᠣᠩᠰᠢᠬᠤ ᠶᠢ ᠱᠠᠭᠠᠷᠳᠠᠬᠤ ᠪᠦᠭᠡᠳ ᠤᠳᠬ᠎ᠠ ᠶᠢ ᠨᠢ ᠣᠢ᠌ᠯᠠᠭᠠᠬᠤ ᠦᠭᠡᠶ ᠥᠭᠡ ᠪᠠᠨ ᠪᠠᠭᠰᠢ ᠡᠴᠡ ᠢᠯᠡᠭᠦᠤ ᠠᠰᠠᠭᠤ ᠭᠡᠵᠤ ᠱᠠᠭᠠᠷᠳᠠᠨ᠎ᠠ᠃ ᠵᠢᠱᠢᠶᠠᠯᠠᠪᠠᠯ᠂ ᠬᠤᠶᠠᠳᠤᠭᠠᠷ ᠣᠨ ᠤ ᠳᠤᠭᠠᠠᠨ ᠤ ᠳᠡᠭᠡᠳᠤ ᠳᠠᠪᠳᠠᠷ ᠤᠨ p148 ᠤᠨ 12 ᠳ᠋ᠤᠭᠠᠷ ᠰᠠᠳᠤᠪ ᠲᠤ᠂ ᠭᠡᠷ ᠤᠨ ᠴᠠᠭᠢᠯᠭᠠᠨ ᠭᠡᠷᠡᠭ᠍ᠰᠡᠯ ᠤᠨ ᠳᠡᠯᠭᠡᠭᠦᠷ 7 vcd ᠮᠠᠰᠢᠨ ᠬᠤᠳᠠᠯᠳᠤᠵᠤ (ᠬᠤᠳᠠᠯᠳᠤᠨ ᠭᠠᠷᠭᠠᠵᠤ)᠂ 4 ᠰᠡᠭᠦᠳᠡᠷᠯᠡᠭᠦ ᠮᠠᠰᠢᠨ ᠬᠤᠳᠠᠯᠳᠤᠵᠠᠢ (ᠬᠤᠳᠠᠯᠳᠤᠨ ᠭᠠᠷᠭᠠᠪᠠ)᠃ ᠬᠤᠳᠠᠯᠳᠤᠭᠰᠠᠨ (ᠬᠤᠳᠠᠯᠳᠤᠵᠤ ᠭᠠᠷᠭᠠᠭᠰᠠᠨ) ᠳᠸᠯᠸᠢᠰ ᠤᠨ ᠳᠤᠭ᠎ᠠ ᠨᠢ vcd ᠮᠠᠰᠢᠨ ᠤ 3 ᠳᠠᠭᠢᠨ ᠪᠣᠯᠤᠨ᠎ᠠ᠃ ᠳᠡᠭᠡᠪᠠᠯ ᠭᠡᠳᠦᠢ ᠳᠸᠯᠸᠢᠰ ᠬᠤᠳᠠᠯᠳᠤᠭᠰᠠᠨ ᠪᠣᠢ ︖ ᠰᠤᠷᠤᠭᠴᠢ ᠳᠤᠰ ᠰᠠᠳᠤᠪ ᠢ ᠣᠢ᠌ᠯᠠᠭᠠᠬᠤ ᠦᠭᠡᠶ ᠪᠣᠶᠤ ᠪᠣᠷᠤᠭᠤ ᠣᠢ᠌ᠯᠠᠭᠠᠵᠤ ᠮᠡᠳᠡᠭᠦ ᠮᠠᠭᠠᠤᠨ᠂ ᠳᠠᠷᠤᠢ (ᠬᠤᠳᠠᠯᠳᠤᠵᠤ᠂ ᠬᠤᠳᠠᠯᠳᠤᠵᠠᠢ) ᠭᠡᠳᠡᠭ᠌ ᠥᠭᠡ ᠡᠴᠡ (ᠬᠠᠰᠤᠨ᠎ᠠ) ᠭᠡᠵᠤ ᠥᠭᠦᠮᠡᠯ ᠦᠵᠡᠯᠳᠠ ᠪᠠᠷ ᠰᠠᠳᠭᠢᠵᠤ᠂ ᠰᠠᠳᠤᠪ ᠢ ᠪᠣᠷᠤᠭᠤ ᠪᠣᠳᠤᠨ᠎ᠠ᠃

ᠶᠡᠷᠦᠩᠭᠡᠢ᠌ᠯᠡᠪᠠᠯ᠂ ᠳᠤᠤᠷ᠎ᠠ ᠣᠨ ᠤ ᠳᠤᠭ᠎ᠠ ᠶᠢ ᠵᠢᠠᠭᠠᠬᠤ ᠳᠤ ᠪᠠᠭᠰᠢ ᠢᠯᠡᠭᠦᠤ ᠵᠢᠯᠤᠭᠤᠳᠴᠤ᠂ ᠢᠯᠡᠭᠦᠤ ᠪᠣᠯᠪᠠᠰᠤᠷᠠᠯ ᠭᠢᠯᠭᠡᠭᠦ ᠭᠡᠷᠡᠭ᠍ᠳᠡᠢ᠃


2012.9.2


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠭᠤᠷᠪᠠᠠᠬᠤᠧᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠶᠢᠨ ᠰᠥᠸᠧ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 12150
ᠴᠠᠭ᠄ 2013 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ