ᠨᠡᠪᠲᠡᠷᠡᠨ ᠤᠷᠤᠬᠤ
ᠵᠢᠷᠦᠭᠡᠨ ᠳᠡᠭᠡᠭᠦᠷ ᠣᠷᠤᠰᠬᠠᠯ ᠲᠡᠶ ᠴᠠᠭᠠᠨ ᠮᠦᠷᠠᠨ

ᠪᠠᠢ᠌ᠰᠢᠩᠳᠤ ᠶᠢᠨ ᠮᠢᠨᠢ ᠡᠮᠦᠨᠡᠭᠦᠷ ᠴᠠᠭᠠᠨ ᠮᠦᠷᠠᠨ ᠮᠢᠨᠢ ᠣᠷᠤᠰᠤᠳᠠᠭ

ᠪᠠᠶᠠᠠᠬᠤᠰᠢᠭᠤ ᠪᠠᠨ ᠳᠤᠤᠯᠢᠳᠠᠭᠠᠤᠨ ᠨᠠᠮ ᠵᠢᠮᠭᠡᠨ ᠱᠤᠤᠭᠢᠳᠠᠭ

ᠪᠠᠢ᠌ᠨ ᠪᠠᠢ᠌ᠨ ᠪᠢ ᠭᠦᠪᠠᠭᠡᠨ ᠳ᠋ᠤᠨᠢ ᠭᠦᠷᠳᠡᠭ᠌

ᠪᠠᠳᠠᠭ ᠰᠢᠯᠦᠭ᠌ ᠤᠨ ᠡᠷᠢᠯ ᠪᠣᠯᠵᠤ ᠣᠢ ᠪᠠᠷ ᠨᠢ ᠠᠯᠬᠤᠯᠠᠳᠠᠭ


ᠬᠠᠪᠣᠷ ᠤᠨ ᠵᠢᠪᠠᠷ ᠢ ᠬᠠᠢ᠌ᠷᠠᠯᠠᠵᠤ ᠭᠦᠭᠦᠷᠭᠡᠨ ᠳᠡᠭᠡᠷ᠎ᠡ ᠨᠢ ᠵᠤᠭᠰᠤᠳᠠᠭ

ᠬᠠᠴᠠᠷ ᠨᠢᠭᠤᠷ ᠶᠢᠡᠨ ᠢᠯᠪᠢᠭᠦᠯᠵᠤ ᠮᠦᠷᠦᠭᠡᠳᠦᠯ ᠳᠡᠭᠡᠨ ᠣᠶᠠᠷᠠᠳᠠᠭ

ᠬᠠᠶᠠ ᠬᠠᠶᠠ ᠴᠢᠮ᠎ᠠ ᠪᠠᠨ ᠰᠡᠳᠭᠢᠯ ᠳᠡᠭᠡᠨ ᠳᠠᠭᠤᠳᠠᠳᠠᠭ  

ᠬᠠᠮᠢᠭ᠎ᠠ ᠬᠤᠯᠠ ᠶᠢᠨ ᠭᠠᠵᠠᠷ ᠡᠴᠡ ᠭᠡᠨᠡᠳᠲᠡ ᠢᠷᠡᠭᠦ ᠶᠢ ᠭᠦᠰᠡᠳᠡᠭ᠌


ᠣᠨᠠᠬᠤ ᠨᠠᠷᠠᠨ ᠤ ᠳᠤᠶᠠᠭ᠎ᠠ ᠠᠭᠤᠯᠠᠨ ᠳᠤ ᠳᠤᠨᠤᠷᠠᠬᠤ ᠪᠠᠷ ᠭᠦᠭ᠍ᠰᠡᠳᠡᠭ᠌

ᠣᠭᠤᠷᠠᠭ ᠰᠠᠷᠠᠨ ᠤ ᠭᠡᠷᠡᠯ ᠣᠰᠤᠨ ᠳᠤ ᠨᠠᠮᠢᠷᠠᠬᠤ ᠪᠠᠷ ᠳᠤᠭᠳᠤᠯᠳᠠᠭ

ᠣᠠᠵᠢᠭᠠᠷ ᠣᠳᠠᠨ ᠤ ᠳᠤᠤᠷ᠎ᠠ ᠡᠴᠡ ᠥᠩᠭᠡᠷᠡᠭ᠍ᠰᠡᠨ ᠪᠦᠭᠦᠨ ᠶᠢᠡᠨ ᠬᠠᠢ᠌ᠵᠤ

ᠣᠷᠠᠨ ᠪᠠᠢ᠌ᠭᠠᠯᠢ ᠶᠢᠨ ᠡᠨᠡᠭᠡᠨ ᠬᠤᠷᠤᠮ ᠳᠤ ᠠᠭᠤᠰᠴᠢᠬᠤ ᠶᠢ ᠰᠠᠨᠠᠳᠠᠭ ᠁


ᠮᠢᠨᠤ ᠪᠠᠭᠠᠷᠢᠨ ᠤ ᠴᠠᠭᠠᠨ ᠮᠦᠷᠠᠨ ᠰᠢᠷᠭᠢᠰᠢ ᠦᠭᠡᠶ ᠣᠷᠤᠰᠤᠨ᠎ᠠ  

ᠮᠢᠩᠭ᠋ᠠᠨ ᠭᠠᠯᠪᠠ ᠶᠢ ᠣᠶᠠᠷᠠᠭᠠᠬᠤ ᠣᠶᠠᠩᠭ᠋᠎ᠠ ᠳᠠᠭᠤᠤ ᠲᠡᠶ ᠣᠷᠤᠰᠤᠨ᠎ᠠ

ᠴᠡᠴᠡᠭ᠌ ᠮᠢᠷᠠᠯᠵᠠᠭᠰᠠᠨ ᠨᠤᠳᠤᠭ ᠶᠢᠡᠨ ᠴᠢᠮᠠᠨ ᠴᠢᠮᠠᠨ ᠣᠷᠤᠰᠤᠨ᠎ᠠ

ᠴᠠᠰᠤ ᠲᠡᠶ ᠰᠠᠢ᠌ᠬᠠᠨ ᠬᠠᠨ ᠡᠴᠡ ᠪᠠᠨ ᠪᠣᠷᠭᠢᠨ ᠪᠣᠷᠭᠢᠨ ᠣᠷᠤᠰᠤᠨ᠎ᠠ


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ