☆ ᠳᠠᠮᠤᠷᠸᠴᠢᠷ ᠤᠨ ᠣᠷᠭᠢᠯ
ᠠᠮᠢᠳᠤᠷᠠᠯ ᠳᠤ ᠵᠢᠷᠭᠠᠬᠤ ᠬᠠᠨᠢ
ᠮᠤᠩᠭ᠋ᠤᠯ ᠡᠵᠢ ᠶᠢᠨ ᠭᠡᠪᠠᠯᠢ ᠡᠴᠡ ᠤᠨᠠᠭᠰᠠᠨ
ᠮᠤᠷᠢᠨ ᠳᠤᠭᠤᠷᠠᠢ ᠶᠢᠨ ᠳᠠᠮᠠᠭᠠᠨ ᠳᠤ ᠣᠷᠭᠤᠭᠰᠠᠨ
ᠠᠷᠢᠭᠤᠨ ᠭᠡᠭᠡᠡᠴᠢᠷ ᠴᠡᠴᠡᠭᠡᠰ ᠤᠨ ᠭᠡᠯᠳᠡᠰ
ᠳ᠋ᠠᠷᠢ ᠡᠭᠡ ᠶᠢᠨ ᠰᠤᠳᠤ ᠭᠡᠷᠡᠯ ᠲᠡᠶ
ᠡᠭᠡᠯ ᠨᠢᠭᠡᠨ ᠭᠦᠮᠤᠨ ᠤ ᠯᠠ ᠦᠷ᠎ᠡ
ᠠᠮᠢᠳᠤᠷᠠᠯ ᠳᠤ ᠵᠢᠷᠭᠠᠬᠤ ᠬᠠᠨᠢ ᠮᠢᠨᠢ
ᠦᠷ ᠦᠳᠡᠰᠢ ᠶᠢᠨ ᠴᠡᠭᠡᠨ ᠳᠤᠶᠠᠭᠠᠨ ᠳᠤ
ᠦᠨᠢᠶᠠᠤᠨ ᠶᠢᠡᠨ ᠵᠡᠯᠯᠡᠭᠦᠯᠵᠤ ᠰᠥ᠋ ᠰᠠᠭᠠᠭᠠᠭᠰᠠ
ᠦᠷᠤᠮ᠎ᠠ ᠭᠦᠭᠡᠷᠦᠭᠦᠯᠵᠤ ᠬᠤᠷᠤᠳ ᠶᠢᠡᠨ ᠭᠢᠭ᠍ᠰᠡᠨ
ᠠᠵᠢᠯᠴᠢ ᠡᠵᠢ ᠶᠢᠨ ᠴᠠᠢ᠌ᠯᠭᠠᠨ ᠳᠦᠷᠭᠦ ᠲᠡᠶ
ᠡᠭᠡᠯ ᠨᠢᠭᠡᠨ ᠭᠦᠮᠤᠨ ᠤ ᠯᠠ ᠦᠷ᠎ᠡ
ᠠᠮᠢᠳᠤᠷᠠᠯ ᠳᠤ ᠵᠢᠷᠭᠠᠬᠤ ᠬᠠᠨᠢ ᠮᠢᠨᠢ
ᠳᠠᠭᠤᠯᠠᠭᠰᠠᠨ ᠳᠠᠭᠤᠨ ᠳᠠᠭᠠᠨ
ᠣᠶᠠᠷᠠᠨ ᠣᠭᠢᠯᠠᠳᠠᠭ
ᠦᠷ᠎ᠡ ᠶᠢᠨ ᠮᠦᠰᠢᠶᠠᠯ ᠶᠢᠡᠷ
ᠳᠤᠭᠯᠠᠨ ᠳᠠᠭᠤᠯᠠᠳᠠᠭ
ᠪᠦᠳᠦᠷᠢᠭ᠍ᠰᠡᠨ ᠭᠦᠤ ᠪᠠᠨ
ᠵᠢᠷᠦᠭᠡ ᠪᠠᠷ ᠶᠢᠡᠨ ᠬᠠᠷᠠᠳᠠᠭ
ᠪᠦᠳᠤᠨ ᠳᠡᠯᠡᠭᠡᠢ ᠰᠢᠭ᠌ ᠬᠠᠨᠢ ᠮᠢᠨᠢ ᠳ᠋ᠡ
ᠡᠭᠡᠯ ᠨᠢᠭᠡᠨ ᠭᠦᠮᠤᠨ ᠤ ᠯᠠ ᠦᠷ᠎ᠡ
ᠠᠮᠢᠳᠤᠷᠠᠯ ᠳᠤ ᠵᠢᠷᠭᠠᠬᠤ ᠬᠠᠨᠢ ᠮᠢᠨᠢ
1998ᠣᠨ ᠤ 10 ᠰᠠᠷ᠎ᠠ
ᠵᠤᠬᠢᠶᠠᠭᠴᠢ ᠶᠢᠨ ᠬᠠᠶᠢᠭ ᠄ ᠰᠢᠯᠢᠨ ᠭᠤᠤᠯ ᠭᠦᠪᠠᠭᠡᠳᠤ ᠰᠢᠷ᠎ᠠ
ᠵᠤᠬᠢᠶᠠᠭᠴᠢ᠄ ᠳᠠᠮᠤᠷᠸᠴᠢᠷ ᠤᠨ ᠣᠷᠭᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2010 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ