ᠨᠡᠪᠲᠡᠷᠡᠨ ᠤᠷᠤᠬᠤ
ᠶᠦᠩᠷᠤᠮ᠎ᠠ

ᠠᠶᠠᠯᠤᠨ ᠳᠠᠭᠤᠯᠠᠬᠤ ᠳᠠᠭᠤᠤ ᠪᠠᠷ ᠴᠢᠨᠢ

ᠶᠦᠩᠷᠦᠮ᠎ᠠ ᠭᠡᠵᠤ ᠳᠠᠭᠤᠳᠠᠶ᠎ᠠ

ᠠᠷᠢᠭᠢᠨ ᠬᠠᠯᠠᠭᠤᠨ ᠶᠢᠡᠷ ᠵᠢᠷᠦᠭᠡᠯᠡᠵᠤ ᠥᠨᠦᠰᠦᠭ᠍ᠰᠡᠨ ᠵᠢᠠᠨ

ᠬᠠᠢ᠌ᠷ᠎ᠠ ᠶᠤᠮ ᠭᠡᠵᠤ ᠭᠡᠯᠡᠶ᠎ᠡ

ᠡᠪᠦᠯ ᠤᠨ ᠰᠦᠨᠢ ᠶᠢᠨ ᠵᠢᠪᠠᠷ ᠶᠢᠡᠷ ᠵᠢᠩᠳᠡᠭᠦᠯᠤᠨ

ᠴᠢᠮ᠎ᠠ ᠳᠠᠭᠠᠨ ᠥᠨᠡᠷᠡᠭᠡᠵᠤ ᠭᠦᠷᠦᠶ᠎ᠡ

ᠡᠮᠵᠡᠭ᠍ᠰᠡᠨ ᠵᠢᠷᠦᠭᠡᠨ ᠤ ᠳᠤᠯᠳᠤᠨ ᠳᠤ ᠪᠦᠯᠢᠶᠡᠰᠤᠨ

ᠬᠤᠶᠠᠭᠤᠯᠠ ᠪᠠᠨ ᠡᠷᠭᠡᠯᠡᠵᠤ ᠵᠢᠷᠭᠠᠶ᠎ᠠ


ᠢᠵᠢᠯᠢ ᠶᠢᠨ ᠵᠠᠶᠠᠭ᠎ᠠ ᠳᠤᠳᠠᠭᠤ ᠭᠡᠳ ᠶᠠᠭᠠᠭᠢᠨ᠎ᠠ

ᠨᠢᠭᠤᠭᠠᠤᠨ ᠭᠡᠰᠡᠨ ᠴᠤ ᠬᠠᠨᠢᠯᠠᠶ᠎ᠠ ᠶᠦᠩᠷᠦᠮ᠎ᠠ

ᠢᠨᠠᠭ ᠬᠠᠢ᠌ᠷ᠎ᠠ ᠶᠢᠨ ᠮᠢᠨᠢ ᠠᠯᠳᠠᠨ ᠰᠤᠠᠳᠤᠷ ᠪᠣᠯᠤᠭᠰᠠᠨ

ᠠᠮᠠᠷᠠᠭ ᠰᠡᠳᠭᠢᠯ ᠢ ᠴᠢᠨᠢ ᠬᠠᠢ᠌ᠷᠠᠯᠠᠶ᠎ᠠ ᠶᠦᠩᠷᠦᠮ᠎ᠠ

ᠣᠯᠳᠠᠬᠤ ᠨᠠᠰᠤ ᠮᠢᠨᠢ ᠵᠢᠭᠠᠬᠠᠨ ᠭᠡᠳ ᠶᠠᠭᠠᠭᠢᠨ᠎ᠠ

ᠣᠴᠠᠷᠠᠭᠰᠠᠨ ᠢᠷᠦᠭᠡᠯ ᠳᠡᠭᠡᠨ ᠪᠠᠶᠠᠷᠯᠠᠶ᠎ᠠ ᠶᠦᠩᠷᠦᠮ᠎ᠠ

ᠣᠮᠤᠭ ᠵᠤᠷᠢᠭ ᠤᠨ ᠮᠢᠨᠢ ᠭᠡᠭᠡᠨ ᠬᠠᠷᠭᠤᠢ ᠪᠣᠯᠤᠭᠰᠠᠨ

ᠠᠶᠠᠯᠠᠭᠤ ᠳᠠᠭᠤᠨ ᠳᠤ ᠴᠢᠨᠢ ᠰᠤᠭᠳᠤᠶ᠎ᠠ ᠶᠦᠩᠷᠦᠮ᠎ᠠ


ᠣᠨᠠᠨ ᠪᠣᠰᠬᠤ ᠠᠮᠢᠳᠤᠷᠠᠯ ᠤᠨ ᠵᠥᠷᠢᠭ᠌ ᠳᠡᠭᠡᠷ᠎ᠡ

ᠣᠴᠠᠷᠠᠵᠤ᠂ ᠬᠠᠢ᠌ᠷᠠᠯᠠᠯᠴᠠᠵᠤ᠂ ᠬᠠᠨᠢᠯᠠᠭᠰᠠᠨ ᠶᠢᠡᠨ ᠮᠠᠷᠳᠠᠬᠤ ᠥᠭᠡᠢ

ᠣᠰᠤᠨ ᠤ ᠰᠢᠪᠠᠭᠤᠳ ᠤᠨ ᠨᠡᠭᠦᠳᠡᠯ ᠳᠠᠭᠠᠵᠤ

ᠣᠨ ᠵᠢᠯ ᠡᠯᠡᠭ᠍ᠳᠡᠭ᠍ᠰᠡᠨ ᠴᠤ ᠰᠡᠳᠭᠢᠯ ᠬᠤᠪᠢᠷᠠᠬᠤ ᠥᠭᠡᠢ

ᠦᠪᠡᠷ ᠶᠢᠡᠨ ᠰᠠᠶ᠎ᠠ ᠪᠣᠮᠠᠨ ᠭᠦᠷᠦᠩᠭᠡ ᠦᠭᠡᠶ ᠴᠤ

ᠦᠨᠡᠨ ᠬᠠᠢ᠌ᠷ᠎ᠠ ᠶᠢᠨ ᠪᠠᠳᠠᠭ ᠰᠢᠯᠦᠭ᠌ ᠶᠢᠡᠷ ᠪᠠᠶᠠᠨ ᠶᠠᠪᠣᠭᠰᠠᠨ

ᠦᠯᠡᠮᠵᠢ ᠶᠢᠨ ᠬᠤᠷᠸ᠎ᠠ ᠨᠠᠮ᠎ᠠ ᠶᠠᠭᠤ ᠪᠠᠷ ᠳᠤᠳᠠᠭᠤᠯᠤᠭᠰᠠᠨ ᠴᠤ

ᠦᠶ᠎ᠡ ᠶᠢᠨ ᠵᠢᠭᠠᠬᠠᠨ ᠶᠦᠩᠷᠦᠮ᠎ᠠ ᠶᠢ ᠮᠢᠨᠢ ᠥᠯᠡᠳᠡᠭᠡ


ᠦᠰᠦᠨ ᠤ ᠬᠠᠷ᠎ᠠ ᠳᠤ ᠬᠠᠢ᠌ᠷᠠᠯᠠᠭᠰᠠᠨ ᠪᠣᠯᠬᠤᠷ

ᠥᠭᠦᠭᠦ ᠶᠢᠨ ᠥᠵᠦᠭᠦᠷ ᠲᠤ ᠭᠡᠰᠡᠨ ᠰᠠᠨᠠᠵᠤ ᠶᠠᠪᠣᠶ᠎ᠠ

ᠥᠯᠢᠭᠡᠷ ᠤᠨ ᠳᠡᠭᠦᠰᠭᠡᠯ ᠳᠤ ᠪᠠᠢ᠌ᠳᠠᠭ ᠵᠢᠷᠭᠠᠯᠳᠤ ᠮᠦᠴᠡ

ᠦᠨᠡᠨ ᠪᠣᠯᠵᠤ ᠢᠷᠡᠭᠦ ᠪᠣᠯᠳᠠᠯ᠎ᠠ ᠪᠣᠳᠤᠵᠤ ᠭᠦᠯᠢᠶᠡᠶ᠎ᠡ

ᠠᠶᠠᠯᠤᠨ ᠳᠠᠭᠤᠯᠠᠬᠤ ᠳᠠᠭᠤᠤ ᠪᠠᠷ ᠴᠢᠨᠢ

ᠶᠦᠩᠷᠦᠮ᠎ᠠ ᠭᠡᠵᠤ ᠳᠠᠭᠤᠳᠠᠶ᠎ᠠ ᠴᠢᠮᠢ᠋ᠢ ᠪᠠᠨ

ᠠᠷᠢᠭᠢᠨ ᠬᠠᠯᠠᠭᠤᠨ ᠶᠢᠡᠷ ᠵᠢᠷᠦᠭᠡᠯᠡᠵᠤ ᠥᠨᠦᠰᠦᠭ᠍ᠰᠡᠨ ᠵᠢᠠᠨ

ᠬᠠᠢ᠌ᠷ᠎ᠠ ᠶᠤᠮ ᠭᠡᠵᠤ ᠭᠡᠯᠡᠶ᠎ᠡ ᠶᠦᠩᠷᠦᠮ᠎ᠠ ᠮᠢᠨᠢ ᠡ


ᠵᠤᠭᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠳ᠋·ᠪᠠᠶᠠᠠᠪᠠᠳᠠᠷᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 9931
ᠴᠠᠭ᠄ 2010 ᠤᠨ ᠤ 01 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ