ᠨᠡᠪᠲᠡᠷᠡᠨ ᠤᠷᠤᠬᠤ
ᠪᠢ ᠰᠠᠨᠠᠭ᠎ᠠ ᠠᠯᠳᠠᠯ᠎ᠠ

ᠳᠦᠷᠦᠭ᠍ᠰᠡᠨ ᠦᠷ᠎ᠡ ᠴᠢᠮ᠎ᠠ ᠲᠡᠶ ᠪᠠᠨ

ᠳᠦᠷᠤᠯᠭᠢ ᠭᠡᠯᠡ ᠨᠡᠪᠳᠡᠷᠡᠭᠦ ᠦᠭᠡᠶ ᠳ᠋ᠡᠭᠡᠨ

ᠪᠢ ᠰᠠᠨᠠᠭ᠎ᠠ ᠠᠯᠳᠠᠯ᠎ᠠ︕

ᠡᠴᠢᠭᠡ ᠶᠢᠨ ᠦᠨᠡᠳᠤ ᠭᠦᠷᠦᠩᠭᠡ

ᠡᠭᠡ ᠭᠡᠯᠡ ᠪᠠᠨ ᠮᠠᠷᠳᠠᠭᠰᠠᠨ ᠳᠤ ᠴᠢᠨᠢ

ᠪᠢ ᠶᠡᠭᠡᠳᠡ ᠬᠠᠷᠠᠮᠰᠠᠯ᠎ᠠ︕

ᠳᠠᠪᠰᠢᠭᠰᠠᠨ ᠰᠤᠶᠤᠯ ᠡᠴᠡ ᠰᠤᠷᠤᠯᠴᠠᠬᠤ ᠨᠢ

ᠳᠠᠯᠠᠢ ᠪᠠᠶᠠᠨ ᠡᠷᠳᠡᠮ ᠪᠢᠯᠠ

ᠳᠠᠷᠬᠠᠨ ᠭᠡᠯᠡ ᠪᠠᠨ ᠣᠷᠭᠢᠬᠤ ᠨᠢ

ᠳᠠᠩᠴᠢ ᠶᠡᠭᠡ ᠭᠠᠷᠤᠵᠠ ᠪᠢᠯᠠ︕

ᠰᠠᠶ᠎ᠠ ᠵᠢᠸ᠎ᠠ ᠪᠣᠳᠤᠯ ᠳᠤ ᠳᠠᠷᠤᠭᠳᠠᠭᠰᠠᠨ

ᠰᠠᠠᠴᠢᠭ ᠪᠣᠭᠤᠷᠤᠯ ᠠᠪᠣ ᠴᠢᠨᠢ ᠪᠢ

ᠰᠠᠷᠠ ᠲᠡᠶ ᠰᠦᠨᠢ ᠶᠢᠨ ᠭᠦᠨ ᠳ᠋ᠤ

ᠰᠠᠨᠠᠭ᠎ᠠ ᠠᠯᠳᠠᠨ ᠰᠢᠯᠦᠭᠯᠡᠯ᠎ᠡ︕

ᠳᠠᠭᠠᠭᠠᠵᠤ ᠶᠠᠳᠠᠮ᠎ᠠ ᠪᠣᠳᠤᠯ ᠳ᠋ᠤ

ᠳᠡᠭ᠍ᠷᠢ ᠠᠭᠤᠯᠠ ᠬᠤᠳᠤᠯᠵᠠᠨ᠎ᠠ︕

ᠳᠡᠷᠳᠡᠭᠡ ᠳᠠᠯ᠎ᠠ ᠶᠢᠨ ᠮᠤᠨᠢ ᠠᠭᠤᠯᠠ

ᠳᠡᠭᠦᠨ ᠡᠴᠡ ᠢᠯᠡᠭᠦᠤ ᠨᠠᠪᠳᠠᠯᠵᠠᠨ᠎ᠠ︕

ᠡᠭᠡ ᠭᠡᠯᠡ ᠮᠢᠨᠢ ᠡᠭᠦᠷᠢᠳᠡ

ᠡᠪᠦᠭᠡ ᠡᠯᠦᠡᠴᠡ ᠶᠢᠨ ᠦᠮᠴᠢ ᠪᠢᠯᠠ︕

ᠦᠮᠴᠢᠯᠠᠵᠤ ᠳᠡᠭᠦᠨ ᠢ ᠵᠠᠯᠭᠠᠮᠵᠢᠯᠠᠬᠤ ᠨᠢ

ᠦᠷ᠎ᠡ ᠬᠣᠢ᠌ᠴᠢᠰ ᠤᠨ ᠡᠭᠦᠷᠭᠡ ᠪᠢᠯᠠ︕

ᠳᠡᠦᠭᠡᠳᠤ ᠡᠭᠦᠷᠭᠡ ᠶᠢᠨ ᠭᠦᠡᠳᠤ ᠵᠢ

ᠭᠡᠮᠵᠢᠵᠤ ᠦᠵᠡᠪᠠᠤ︖   ᠲ᠋ᠠ ᠨᠡᠷ ᠮᠢᠨᠢ︕

ᠠᠽᠢᠶ᠎ᠠ ᠧᠦᠷᠦᠫᠡ ᠶᠢ ᠳᠤᠷᠭᠢᠭᠤᠯᠤᠭᠰᠠᠨ

ᠮᠤᠩᠭ᠋ᠤᠯ ᠨᠠᠷ᠎ᠠ ᠣᠷᠤᠰᠢᠭᠰᠠᠨ ᠴᠠᠭ ᠳᠤ

ᠠᠯᠳᠠᠨ ᠳᠡᠯᠡᠭᠡᠢ ᠳᠤ ᠳᠠᠨᠢᠭᠳᠠᠬᠤ

ᠮᠤᠩᠭ᠋ᠤᠯ ᠪᠢᠴᠢᠭ᠌ ᠪᠠᠢ᠌ᠬᠤ ᠨᠢ ᠵᠣᠢ᠌ᠳᠠᠢ︕

ᠬᠠᠮᠤᠭ ᠰᠡᠭᠦᠯᠴᠢ ᠶᠢᠨ ᠭᠢᠴᠢᠶᠠᠯ ᠢ

ᠬᠠᠷᠠᠬᠠᠨ ᠡᠷᠳᠡ ᠭᠢᠴᠢᠶᠠᠯᠯᠠᠪᠠᠯ

ᠬᠠᠢ᠌ᠷᠠᠳᠤ ᠠᠪᠣ ᠶᠢᠨ ᠴᠢᠨᠢ ᠭᠡᠯᠡ

ᠬᠠᠷᠢ ᠳᠤ ᠡᠵᠡᠮᠰᠢᠭ᠍ᠳᠡᠭᠦ ᠨᠢ  ᠲ᠋ᠠᠷᠠ ᠡ︕

ᠣᠬᠠᠭᠠᠨ ᠰᠡᠷᠭᠡᠭ᠌ ᠬᠣᠢ᠌ᠴᠢᠰ ᠮᠢᠨᠢ

ᠣᠬᠠᠴᠢᠯᠠᠵᠤ ᠨᠠᠷᠢᠨ ᠳᠤᠩᠭ᠋ᠠᠪᠠᠤ︖

ᠣᠷᠴᠢᠨ ᠠᠬᠤᠢ ᠡᠢ᠌ᠮᠤ ᠯᠠ ᠪᠣᠯ

ᠣᠰᠤᠯ ᠢ ᠭᠡᠨ ᠡᠴᠡ ᠡᠷᠢᠯᠳᠡᠢ ᠪᠢᠯᠠ︖ ︕


ᠵᠤᠬᠢᠶᠠᠭᠴᠢ ᠶᠢᠨ ᠬᠠ‍‌ᠶ‍ᠢᠭ᠄ ᠰᠢᠠᠵᠢᠶᠠᠩ ᠤᠨ  ᠪᠣᠷᠤᠳᠠᠯ᠎ᠠ ᠬᠤᠳᠠ ᠵᠢᠨ ᠭᠤᠷᠪᠠᠳᠤᠭᠠᠷ ᠲ᠋ᠤᠮᠳᠠᠳᠤ ᠰᠤᠷᠭᠠᠭᠤᠯᠢ

ᠵᠤᠬᠢᠶᠠᠭᠴᠢ᠄ ᠸᠴᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 10 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ