☆ ᠳ᠋·ᠪᠦᠷᠢᠨᠲᠤᠭᠲᠠᠬᠤ
ᠪᠢ ᠬᠠᠷᠠᠩᠭ᠋ᠤᠢ ᠶᠢᠨ ᠳᠤᠮᠳᠠ ᠣᠷᠤᠰᠢᠨ᠎ᠠ
ᠣᠨᠠᠵᠤ ᠪᠠᠢ᠌ᠭᠰᠠᠨ ᠵᠥᠭᠡᠯᠡᠨ ᠴᠠᠭᠠᠨ ᠴᠠᠰᠤ
ᠣᠯᠠᠷᠢᠯ ᠤᠨ ᠡᠷᠭᠡ ᠪᠠᠷ ᠬᠠᠷᠢᠵᠤ ᠪᠠᠢ᠌ᠭ᠎ᠠ
ᠬᠠᠮᠤᠭ ᠡᠴᠦᠰ ᠤᠨ ᠢᠯᠴᠢᠨ ᠳᠤ
ᠬᠠᠢ᠌ᠯᠤᠨ ᠬᠠᠢ᠌ᠯᠤᠭᠰᠠᠭᠠᠷ ᠁
ᠨᠠᠮᠤᠷ ᠤᠨ ᠰᠡᠭᠦᠯᠴᠢ ᠶᠢᠨ ᠭᠦᠢᠳᠡᠨ ᠰᠠᠷᠠᠪᠴᠢᠨ ᠡᠴᠡ
ᠮᠦᠷᠦᠭᠡᠳᠦᠯ ᠪᠣᠯᠵᠤ ᠴᠢᠪ ᠴᠢᠪ ᠳᠤᠰᠤᠯᠠᠨ᠎ᠠ
ᠴᠢᠮᠡᠭᠡ ᠥᠭᠡᠢ᠌ᠭᠡᠨ ᠪᠠᠰᠠ ᠨᠢᠭᠡ ᠡᠪᠦᠯ ᠢᠷᠠᠯ᠎ᠠ ᠭᠡᠵᠤ
ᠴᠢᠭᠢᠨ ᠰᠤᠨᠤᠷ ᠲᠤ ᠵᠠᠳᠠᠷ ᠤᠨ ᠴᠢᠯᠠᠭᠤ ᠰᠢᠪᠠᠨᠡᠨᠡ
ᠴᠢᠭ᠌ ᠲᠡᠭᠡᠨ ᠮᠢᠨᠤ ᠣᠷᠴᠢᠨ ᠲᠦᠨᠡᠷ ᠬᠠᠷᠠᠩᠭ᠋ᠤᠢ ᠪᠣᠯᠵᠤ
ᠴᠡᠴᠡᠭ᠌ ᠠᠯᠠᠭ᠎ᠠ᠂ ᠨᠠᠪᠴᠢ ᠠᠯᠠᠭ᠎ᠠ᠂ ᠨᠤᠭᠤᠭᠠᠨ ᠳᠠᠯ᠎ᠠ ᠮᠢᠨᠢ ᠠᠯᠠᠭ᠎ᠠ
ᠳᠠᠪᠬᠤᠷ ᠳᠠᠪᠬᠤᠷ ᠭᠦᠭᠡᠷᠡᠭᠦ ᠠᠭᠤᠯᠠᠰ ᠤᠨ ᠳᠡᠭᠡᠭᠦᠷ
ᠨᠠᠮ᠎ᠠ ᠶᠢ ᠴᠢᠭᠯᠡᠭᠡᠳ ᠨᠢᠰᠦᠭᠡᠳ ᠢᠷᠡᠳᠡᠭ᠌
ᠴᠢᠨᠤ ᠭᠦᠭᠡᠷᠦᠭᠦᠨ ᠳᠠᠭᠳᠠᠭ᠎ᠠ ᠴᠤ ᠠᠯᠭ᠎ᠠ ᠁
ᠪᠢ ᠲᠦᠨᠡᠷ ᠬᠠᠷᠠᠩᠭ᠋ᠤᠢ ᠶᠢᠨ ᠳᠤᠮᠳᠠ ᠣᠷᠤᠰᠢᠨ᠎ᠠ
ᠮᠢᠨᠤ ᠨᠢᠳᠤ ᠵᠥᠪᠭᠡᠨ
ᠣᠳᠤᠳ ᠤᠨ ᠭᠡᠭᠡ ᠲᠡᠶ ᠢᠵᠢᠯᠭᠡᠨ
ᠦᠪᠡᠷ ᠤᠨ ᠵᠢᠷᠦᠭᠡ ᠪᠠᠨ ᠯᠠ ᠳᠤᠳᠤ ᠬᠠᠷᠠᠨ᠎ᠠ
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 11 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ