☆ ᠴᠢᠩᠵᠤᠷᠢᠭᠳᠤ
ᠵᠡᠭᠦᠳᠤᠨ ᠨᠤᠳᠤᠭ
ᠵᠣᠢ᠌ᠯ ᠵᠣᠢ᠌ᠯ ᠤᠨ ᠰᠤᠪᠢᠩ
ᠵᠢᠮᠤᠷ ᠵᠢᠮᠤᠷ ᠣᠷᠤᠰᠢᠬᠤᠢ
ᠵᠢᠩᠭᠡᠷ ᠵᠢᠩᠭᠡᠷ ᠪᠣᠷᠤᠭᠠᠨ
ᠰᠠᠮᠠᠷ ᠰᠠᠮᠠᠷ ᠪᠣᠷᠤᠭᠠᠯᠬᠤᠢ
ᠬᠠᠢ᠌ᠯᠠᠰᠤ ᠰᠦᠮ᠎ᠡ ᠶᠢᠨ ᠴᠢᠯᠠᠭᠤᠳ
ᠬᠠᠢ᠌ᠷ ᠪᠣᠯᠵᠤ ᠣᠷᠤᠰᠤᠬᠤᠢ
ᠬᠠᠷ᠎ᠠ ᠪᠣᠷᠤᠬᠠᠨ ᠭᠦᠤ ᠵᠢᠨ
ᠬᠠᠯᠠᠰᠢᠷᠬᠠᠨ ᠪᠤᠳᠦᠯ ᠤᠢᠮᠡᠬᠤᠢ ᠁
ᠬᠠᠯᠵᠡᠨ ᠠᠭᠤᠯᠠ ᠶᠢᠨ ᠨᠠᠮᠤᠷ
ᠥᠩᠭᠡ ᠪᠠᠭᠤᠵᠤ ᠰᠢᠩᠭᠡᠷᠡᠨ
ᠠᠩᠭᠢᠷ ᠭᠡᠳᠤᠨ ᠳᠡᠭᠡᠳᠡᠭᠡᠭᠡᠢ ᠮᠢᠨᠢ
ᠡᠷᠭᠢᠨ ᠪᠣᠴᠠᠨ ᠲ᠋ᠠᠪᠳᠠᠷᠢᠨ
ᠠᠯᠠᠭ ᠠᠭᠤᠯᠠ ᠶᠢᠨ ᠰᠠᠯᠭᠢ
ᠵᠥᠭ᠌ ᠡᠡᠯᠳᠡᠨ ᠳᠤᠭᠣᠢ᠌ᠷᠠᠵᠤ
ᠠᠷᠴᠠᠨ ᠪᠠᠷᠭᠡ ᠶᠢᠨ ᠣᠢ
ᠨᠠᠪᠴᠢ ᠪᠠᠷ ᠣᠭᠢᠯᠠᠵᠤ ᠭᠠᠩᠭᠢᠨᠠᠨ
ᠨᠥᠮᠵᠦᠭ᠌ ᠠᠭᠤᠵᠢᠮ ᠭᠦᠳᠡᠭᠡ ᠠᠷᠠᠯ ᠮᠠᠨᠢ
ᠰᠢᠷᠭᠠᠯ ᠵᠢᠰᠤᠨ ᠳ᠋ᠤ ᠱᠠᠩᠳᠤᠷᠠᠨᠠ ᠃
ᠲ᠋ᠠᠷᠠ ᠬᠤᠯᠠᠭᠢ
ᠲ᠋ᠢᠶᠠᠠᠴᠢ ᠶᠢᠨ ᠳᠤᠭᠠᠩ ᠤᠨ
ᠲᠦᠮᠡᠨ ᠬᠤᠩᠬᠤ ᠤᠳ
ᠦᠨᠦ ᠤᠢ᠌ᠷᠠᠬᠠᠨ
ᠨᠠᠩᠭᠢᠶᠠᠤᠨ ᠣᠯᠠᠨ ᠤ
ᠮᠢᠩᠭ᠋ᠠᠨ ᠨᠤᠭᠤᠴᠠᠭᠠᠨ ᠳᠤ
ᠨᠤᠮᠤᠢ ᠪᠢᠳᠠᠨ ᠤ
ᠠᠰᠢᠳᠠ ᠶᠢᠨ ᠵᠦᠩᠨᠠᠯ ᠳᠠᠢ
ᠠᠶᠠᠰ ᠤᠨ ᠰᠠᠯᠭᠢᠨ ᠶᠢᠠᠷ
ᠠᠵᠢᠭ ᠴᠤ ᠥᠭᠡᠢ
ᠬᠠᠩᠭᠢᠨᠠᠨ ᠳᠠᠩᠭᠢᠨᠠᠨᠠ ᠯᠠᠢ ︕
ᠠᠷᠢᠭᠤᠨ ᠬᠤᠳᠤᠭᠳᠤ ᠨᠤᠳᠤᠭ ᠮᠢᠨᠢ
ᠠᠠᠵᠢᠰᠤᠨ ᠬᠤᠰᠢᠭᠤᠨ ᠳ᠋ᠤ ᠢᠷᠠᠭᠳᠠᠨ
ᠡᠡᠷᠤ᠂ ᠡᠩᠭᠡᠷ ᠤᠨ ᠪᠠᠯᠴᠢᠭᠡᠷ ᠮᠢᠨᠢ
ᠲ᠋ᠤᠤᠷ ᠰᠠᠷᠠᠯᠵᠢ ᠪᠠᠷ ᠲ᠋ᠤᠤᠷᠯᠠᠭᠳᠠᠨ
ᠳᠠᠪᠤᠨ ᠬᠤᠰᠢᠭᠤ ᠮᠠᠯ ᠮᠢᠨᠢ
ᠬᠤᠰᠢᠭᠤ ᠳᠤᠳᠠᠨ ᠴᠥᠭᠡᠷᠡᠵᠤ
ᠣᠨᠠᠭᠠᠨ ᠤ ᠭᠡᠳᠤᠨ ᠮᠤᠷᠢᠳ ᠮᠢᠨᠢ
ᠴᠢᠳᠤᠷ ᠲᠡᠭᠡᠨ ᠨᠤᠮᠤᠬᠠᠨ ᠢᠠᠴᠠᠭᠠᠵᠤ
ᠣᠯᠠᠭᠠᠨ ᠰᠢᠷᠣᠢ᠌ᠳᠤ ᠶᠢᠨ ᠮᠠᠩᠬ᠎ᠠ
ᠭᠦᠯ ᠳᠠᠢ ᠪᠣᠯᠵᠤ ᠣᠷᠤᠰᠬᠤ ᠪᠠᠷ
ᠣᠯᠢᠶᠠᠰᠤᠳᠠᠢ ᠶᠢᠨ ᠭᠤᠤᠯ ᠤᠨ ᠭᠡᠪᠠᠯᠢ
ᠡᠯᠡᠰᠤᠨ ᠪᠣᠭᠢᠷ ᠶᠢᠡᠷ ᠠᠮᠢᠰᠬᠤᠯᠠᠨ᠎ᠠ᠁
ᠰᠠᠴᠢ ᠶᠢᠨ ᠪᠣᠯᠠᠭ ᠤᠨ ᠣᠰᠤᠨ
ᠵᠠᠢ᠌ᠷᠳᠠᠬᠤ ᠰᠢᠭ ᠪᠣᠯᠤᠯ᠎ᠠ
ᠡᠩᠭᠡᠷ ᠤᠨ ᠠᠢ᠌ᠯ ᠤᠨ ᠬᠡᠦᠬᠡᠳ
ᠣᠭᠢᠯᠠᠬᠤ ᠰᠢᠭ ᠪᠣᠯᠤᠨ᠎ᠠ᠁
ᠣᠯᠠᠨ ᠮᠢᠩᠭ᠋ᠠᠨ ᠴᠦᠷᠭᠦᠯᠦᠭ᠍ᠰᠡᠭᠡᠷ
ᠣᠨᠢᠰᠤᠭ᠎ᠠ ᠪᠣᠯᠵᠤ ᠵᠢᠪᠠᠷᠠᠨ
ᠣᠨᠢᠭ᠎ᠠ ᠣᠨᠢᠰᠤᠭ᠎ᠠ ᠰᠢᠭ ᠶᠢᠡᠨ
ᠥᠯᠢᠭᠡᠷ ᠪᠣᠯᠵᠤ ᠳᠤᠮᠤᠭᠯᠠᠭᠳᠠᠨᠠ᠁
ᠭᠡᠷᠰᠡᠩ ᠰᠤᠮᠤᠨ ᠤ ᠡᠵᠡᠭᠦᠢ ᠭᠦᠷᠢᠶ᠎ᠡ ᠯᠠ
ᠳᠠᠠᠳᠠ ᠪᠠᠨ
ᠭᠡᠷᠰᠡᠤ ᠳᠡᠭᠡᠨ ᠨᠤᠮᠵᠢᠷᠳᠠᠵᠤ ᠨᠣᠢ᠌ᠷᠠᠰᠤᠨᠠ᠁
ᠠᠢ᠁
ᠭᠦᠤ ᠮᠢᠨᠤ
ᠪᠣᠢ᠌ᠳᠤᠭ ᠶᠢᠠᠨ ᠭᠡᠭᠡᠭ᠍ᠰᠡᠨ ᠥᠯᠦᠭᠡᠢ ᠨᠤᠳᠤᠭ
ᠭᠦᠯᠦᠭ᠌ ᠳᠠᠨ ᠤ
ᠲ᠋ᠤᠭᠤᠰᠤ ᠪᠠᠨ ᠨᠠᠭᠠᠳᠤᠭᠰᠠᠨ ᠭᠦᠳᠡᠭᠡ ᠪᠠᠯᠴᠢᠭᠡᠷ
᠁ ᠁
ᠵᠢᠷᠦᠭᠡᠨ ᠤ ᠬᠤᠯᠪᠣᠭ᠎ᠠ
ᠨᠤᠳᠤᠭ ᠣᠰᠤᠨ
ᠵᠡᠭᠦᠳᠤᠨ ᠳᠤ ᠢᠯᠡᠭᠡᠨ
ᠭᠠᠵᠠᠷ ᠣᠰᠤᠨ
᠁ ᠁
2010᠂ 10᠂ 29
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠨᠤᠲᠤᠭ ᠪᠠᠯᠴᠢᠭᠡᠷ ᠢ ᠭᠢᠨᠠᠨ ᠬᠠᠮᠢᠶᠠᠷᠬᠤ ᠳᠤᠪᠴᠢᠶ᠎ᠠ
ᠵᠤᠬᠢᠶᠠᠭᠴᠢ᠄ ᠴᠢᠩᠵᠤᠷᠢᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10200
ᠴᠠᠭ᠄ 2012 ᠤᠨ ᠤ 07 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ