ᠨᠡᠪᠲᠡᠷᠡᠨ ᠤᠷᠤᠬᠤ
ᠵᠢᠷᠦᠭᠡᠨ ᠳᠤ ᠮᠢᠨᠢ ᠴᠠᠰᠤ ᠪᠣᠯᠵᠤ ᠪᠠᠭᠤᠭᠠᠰᠠᠢ

ᠵᠥᠭ᠌ ᠴᠢᠭ᠌ ᠦᠭᠡᠶ ᠪᠣᠳᠠᠷᠠᠬᠤ

ᠵᠦᠩ ᠪᠠᠯᠭᠡᠳᠡᠯ ᠤᠨ ᠴᠠᠰᠤᠨ ᠴᠡᠴᠡᠭ᠌ ᠰᠢᠭ᠌

ᠵᠡᠭᠦᠳᠤᠨ ᠤ ᠮᠢᠨᠢ ᠣᠶᠠᠬᠠᠨ ᠪᠠᠭᠤᠴᠠᠨ ᠳ᠋ᠤ

ᠵᠥᠩᠳᠡᠭᠡᠨ ᠪᠠᠭᠤᠭᠠᠰᠠᠢ ᠬᠠᠢ᠌ᠷᠠᠳᠤ ᠮᠢᠨᠢ

ᠭᠦᠳᠡᠭᠢ ᠳᠡᠭ᠍ᠷᠢ ᠡᠴᠡ ᠣᠨᠠᠬᠤ

ᠭᠦᠪᠦᠩ ᠴᠠᠭᠠᠨ ᠴᠠᠰᠤ ᠰᠢᠭ᠌

ᠭᠡᠦᠭᠡᠨ ᠵᠢᠷᠦᠭᠡᠨ ᠤ ᠮᠢᠨᠢ ᠳᠤᠯᠳᠤ ᠳ᠋ᠤ

ᠭᠦᠩᠭᠡᠭᠡᠨ ᠪᠠᠭᠤᠭᠠᠰᠠᠢ ᠬᠠᠢ᠌ᠷᠠᠳᠤ ᠮᠢᠨᠢ

ᠴᠠᠢ᠌ᠯᠵᠠᠩᠬᠠᠨ ᠬᠠᠶᠠᠯᠠᠬᠤ

ᠴᠠᠰᠤᠨ ᠴᠡᠴᠡᠭ᠌ ᠰᠢᠭ᠌

ᠴᠡᠮᠴᠡᠷᠭᠡᠨ ᠰᠡᠪᠠᠷᠡᠭ᠌ ᠰᠡᠳᠭᠢᠯ ᠳᠤ ᠮᠢᠨᠢ

ᠴᠡᠪᠠᠷᠭᠡᠨ ᠪᠠᠭᠤᠭᠠᠰᠠᠢ ᠬᠠᠢ᠌ᠷᠠᠳᠤ ᠮᠢᠨᠢ

ᠳᠠᠪᠠᠳᠠᠢ᠌ᠬᠠᠨ ᠯᠠᠪᠰᠠᠯᠠᠬᠤ

ᠳᠤᠮᠤ ᠴᠠᠰᠤᠨ ᠯᠠᠪᠰᠠ ᠰᠢᠭ᠌

ᠳᠠᠩᠭᠢᠯ ᠨᠠᠰᠤᠨ ᠤ ᠬᠠᠢ᠌ᠷᠠᠨ ᠳᠤ ᠮᠢᠨᠢ

ᠳᠠᠮᠠᠭᠠᠯᠠᠵᠤ ᠪᠠᠭᠤᠭᠠᠰᠠᠢ ᠬᠠᠢ᠌ᠷᠠᠳᠤ ᠮᠢᠨᠢ︕

ᠵᠤᠬᠢᠶᠠᠭᠴᠢ᠄ ᠣᠢ᠌ᠮᠠᠳ·ᠨᠠᠷᠠᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ