☆ ᠡᠰᠨᠢᠯ
ᠠᠰᠪᠣᠷᠢ ᠭᠦᠮᠤᠨ ᠤ ᠠᠷᠪᠠᠨ ᠳᠠᠪᠠᠭ᠎ᠠ
ᠠᠭᠠᠯᠢ ᠵᠠᠩ ᠶᠢᠡᠨ ᠬᠠᠯᠠᠵᠤ ᠨᠡᠢ᠌ᠭᠡᠮ ᠲᠡᠶ ᠨᠢᠭᠡᠳᠭᠦ ᠶᠢᠨ ᠳᠠᠪᠠᠭ᠎ᠠ
ᠠᠰ ᠤᠨ ᠨᠤᠶᠠᠨ ᠶᠢᠡᠨ ᠪᠢᠯᠳᠠᠤᠴᠢᠯᠠᠵᠤ ᠵᠡᠷᠭᠡ ᠳᠡᠪᠰᠢᠭᠦ ᠶᠢᠨ ᠳᠠᠪᠠᠭ᠎ᠠ
ᠠᠠᠳᠠ ᠨᠠᠢ᠌ᠵᠠ ᠪᠠᠨ ᠬᠠᠭᠤᠷᠴᠤ ᠱᠠᠳᠤ ᠪᠣᠯᠭᠠᠬᠤ ᠳᠠᠪᠠᠭ᠎ᠠ
ᠠᠪᠠᠯᠢ ᠭᠡᠷᠭᠡᠢ ᠪᠠᠨ ᠮᠡᠭᠡᠯᠡᠵᠤ ᠬᠠᠭᠤᠷᠮᠠᠭ ᠠᠮᠢᠳᠤᠷᠠᠬᠤ ᠳᠠᠪᠠᠭ᠎ᠠ
ᠠᠪᠣ ᠡᠵᠢ ᠪᠠᠨ ᠠᠰᠠᠷᠠᠵᠤ ᠠᠩᠭ᠎ᠠ ᠳᠡᠭᠦᠤ ᠪᠠᠨ ᠪᠠᠶᠠᠰᠬᠠᠬᠤ ᠳᠠᠪᠠᠭ᠎ᠠ
ᠠᠯᠳᠠᠷᠠᠢ ᠦᠷ᠎ᠡ ᠪᠠᠨ ᠰᠤᠷᠭᠠᠵᠤ ᠠᠰᠢᠳᠠ ᠡᠭᠡᠨᠡᠭ᠍ᠰᠢᠭᠦ ᠳᠠᠪᠠᠭ᠎ᠠ
ᠠᠩᠬᠠᠨ ᠤ ᠢᠨᠠᠭ ᠶᠢᠡᠨ ᠳᠤᠷᠠᠰᠴᠤ ᠠᠭᠤᠳᠠᠮᠴᠢ ᠨᠥᠭ᠍ᠴᠢᠭᠡᠭᠦ ᠳᠠᠪᠠᠭ᠎ᠠ
ᠠᠳᠠᠭ᠎ᠠ ᠬᠤᠷᠤᠰᠤᠯ ᠶᠢᠡᠨ ᠣᠭᠤᠷᠴᠤ ᠪᠣᠶᠠᠠᠰᠠᠭ ᠰᠡᠳᠭᠢᠭᠦ ᠳᠠᠪᠠᠭ᠎ᠠ
ᠠᠷᠠᠤᠨ ᠤᠨ ᠳᠦᠭᠦᠷᠢᠭ᠌ ᠬᠤᠮᠰᠠᠳᠠᠵᠤ ᠥᠭ᠍ᠭᠢᠶᠡᠮᠦᠷ ᠠᠮᠢᠳᠤᠷᠠᠬᠤ ᠳᠠᠪᠠᠭ᠎ᠠ
ᠠᠵᠢᠯ ᠣᠢ᠌ᠯᠠᠰ ᠬᠠᠭᠤᠷᠠᠢ᠌ᠳᠠᠵᠤ ᠳᠡᠨᠢᠭᠦᠨ ᠣᠷᠤᠰᠢᠬᠤ ᠳᠠᠪᠠᠭ᠎ᠠ
ᠠᠯᠬᠤᠮ ᠪᠦᠷᠢ ᠳᠤ ᠠᠭᠠᠯᠵᠢᠨ ᠳᠤᠤᠷ ᠰᠢᠭ ᠳᠠᠪᠬᠤᠷ ᠳᠠᠪᠠᠭ᠎ᠠ
ᠠᠯᠠᠭ ᠬᠤᠷᠸ᠎ᠠ ᠳᠤ ᠠᠮᠢᠳᠤ ᠯᠠ ᠪᠠᠢ᠌ᠪᠠᠯ ᠥᠭ᠍ᠰᠦᠵᠤ ᠳᠡᠢ᠌ᠯᠭᠦ ᠦᠭᠡᠶ ᠳᠠᠪᠠᠭ᠎ᠠ᠂᠂
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2012 ᠤᠨ ᠤ 09 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ