☆ ᠪᠦᠷᠢᠠᠳᠤᠩᠭ᠋ᠠᠯᠠᠭ
ᠮᠤᠩᠭ᠋ᠤᠯ ᠮᠢᠨᠢ
ᠬᠠᠰᠢᠶᠠᠯᠠᠵᠤ ᠴᠥᠭᠡᠳᠡᠭ᠍ᠰᠡᠨ ᠰᠥᠷᠦᠭ᠌ ᠤᠨ ᠳᠤᠭ᠎ᠠ
ᠬᠠᠭᠰᠠᠷᠠᠵᠤ ᠨᠢᠴᠦᠭᠦᠷᠡᠭ᠍ᠰᠡᠨ ᠡᠯᠡᠰᠤᠨ ᠰᠢᠭᠤᠷᠭ᠎ᠠ
ᠬᠠᠯᠴᠠᠭᠠᠢ᠌ᠷᠠᠵᠤ ᠴᠤᠭᠤᠷᠤᠭᠰᠠᠨ ᠳᠠᠯ᠎ᠠ ᠶᠢᠨ ᠭᠦᠷᠦᠰᠤ
ᠬᠠᠩᠭ᠋ᠠᠷᠠᠵᠤ ᠬᠤᠷᠪᠣᠢ᠌ᠭᠰᠠᠨ ᠣᠢ ᠶᠢᠨ ᠳᠦᠷᠭᠦ
ᠬᠠᠭᠠᠯᠪᠣᠷᠢᠯᠠᠵᠤ ᠰᠡᠭ᠍ᠴᠢᠭ᠍ᠳᠡᠭ᠍ᠰᠡᠨ ᠬᠠᠳᠤᠯᠠᠩ ᠪᠠᠯᠴᠢᠭᠡᠷ
ᠬᠠᠮᠰᠢ᠌ᠵᠤ ᠥᠭᠢᠷᠡᠭ᠍ᠰᠡᠨ ᠰᠢᠪᠠᠷ ᠪᠠᠢ᠌ᠰᠢᠩ
ᠬᠠᠯᠠᠭᠤᠷᠠᠵᠤ ᠳᠡᠷᠪᠠᠭ᠍ᠰᠡᠨ ᠳᠠᠸᠠᠷ ᠤᠨ ᠳᠠᠷᠢᠶᠠᠯᠠᠩ
ᠬᠠᠰᠢᠷᠠᠳᠠᠯ᠎ᠠ ᠡᠷᠢᠭ᠍ᠰᠡᠨ ᠭᠦᠯᠦᠭ᠌ ᠤᠨ ᠮᠢᠨᠢ ᠥᠤᠷᠰᠠᠯ
ᠬᠠᠢ᠌ᠷᠠᠯᠠᠵᠤ ᠭᠢᠮᠠᠭᠠᠳᠠᠮᠠᠷ ᠦᠪ ᠰᠤᠶᠤᠯ
ᠬᠠᠢ᠌ᠯᠤᠭᠳᠠᠵᠤ ᠮᠠᠷᠳᠠᠭᠳᠠᠭᠰᠠᠨ ᠵᠠᠩ ᠳᠠᠳᠬᠠᠯ
ᠬᠠᠮᠠᠭᠤᠷᠠᠵᠤ ᠭᠡᠯᠡᠭᠡᠢ᠌ᠷᠡᠭ᠍ᠰᠡᠨ ᠥᠭᠡ ᠭᠡᠯᠡ
ᠬᠠᠶᠠᠭᠳᠠᠵᠤ ᠬᠤᠴᠤᠷᠤᠭᠰᠠᠨ ᠦᠨᠳᠦᠰᠦᠳᠠᠨ ᠤ ᠵᠠᠶᠠᠭ᠎ᠠ
ᠬᠠᠠᠳᠠᠯ᠎ᠠ ᠳᠠᠭᠤᠯᠠᠮᠠᠷ ᠣᠷᠳᠤ ᠶᠢᠨ ᠳᠠᠭᠤᠤ
ᠬᠠᠯᠠᠰᠳᠠᠯ᠎ᠠ ᠣᠤᠭᠤᠮᠠᠷ ᠭᠠᠰᠢᠭᠤᠨ ᠠᠷᠢᠭᠢ
ᠬᠠᠮᠠᠷ ᠱᠠᠷᠭᠢᠷᠠᠮᠠ ᠪᠣᠳᠠᠳᠤ ᠠᠬᠤᠢ
ᠬᠠᠢ᠌ᠷ᠎ᠠ ᠪᠠᠷ ᠭᠠᠩᠳᠠᠭ᠎ᠠ ᠮᠤᠩᠭ᠋ᠤᠯ ᠮᠢᠨᠢ ᠡ
ᠬᠠᠶᠢᠭ᠄ ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠮᠤᠳᠤᠳᠤ ᠰᠤᠷᠭᠠᠭᠤᠯᠢ
ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3893
ᠴᠠᠭ᠄ 2009 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ