☆ ᠡᠤ ᠳᠠᠯᠠᠢ
ᠮᠠᠯᠴᠢᠨ ᠠᠪᠣ ᠶᠢᠨ ᠰᠡᠭᠦᠳᠡᠷ
ᠬᠤᠰᠢᠭᠤ ᠳᠠᠷᠤᠭ᠎ᠠ ᠵᠢᠪᠬᠤᠯᠠᠩᠳᠤ ᠣᠷᠴᠢᠮᠬᠠᠨ ᠬᠤᠳᠠ ᠶᠢᠨ ᠳᠠᠳ᠋ ᠳᠠᠷᠤᠭ᠎ᠠ ᠪᠠᠷ ᠳᠡᠪᠰᠢᠭᠦᠯᠦᠭ᠍ᠳᠡᠵᠤ ᠠᠵᠢᠯ ᠰᠢᠯᠵᠢᠭᠦ ᠪᠠᠷ ᠪᠣᠯᠵᠠᠢ᠃ ᠳᠡᠭᠡᠭᠡᠳ ᠬᠤᠰᠢᠭᠤᠨ ᠤ ᠨᠠᠮ ᠵᠠᠰᠠᠭ ᠤᠨ ᠬᠠᠮᠳᠤ ᠠᠵᠢᠯᠯᠠᠭᠰᠠᠤᠨ ᠪᠠ ᠦᠨᠳᠦᠰᠦᠨ ᠱᠠᠳᠤᠨ ᠤ ᠳᠠᠷᠤᠭ᠎ᠠ ᠨᠡᠷ ᠤᠨ ᠶᠢᠡᠨ ᠥᠳᠡᠯᠭᠡ ᠶᠢᠨ ᠳᠠᠢ᠌ᠯᠠᠯᠭ᠎ᠠ ᠶᠢ ᠪᠦᠭᠦᠳᠡ ᠶᠢ ᠬᠤᠷᠢᠭᠯᠠᠨ ᠵᠤᠭᠰᠤᠭᠠᠪᠠ᠃ ᠭᠡᠳᠡᠯ᠎ᠡ ᠦᠨᠦᠳᠤᠷ ᠪᠣᠯ ᠵᠢ᠊ ᠬᠤᠰᠢᠭᠤ ᠳᠠᠷᠤᠭ᠎ᠠ ᠶᠢᠨ ᠬᠤᠰᠢᠭᠤ ᠵᠠᠰᠠᠭ ᠤᠨ ᠣᠷᠳᠤᠨ ᠳᠤ ᠪᠠᠨ ᠠᠵᠢᠯᠯᠠᠬᠤ ᠬᠠᠮᠤᠭ ᠰᠡᠭᠦᠯᠴᠢ ᠶᠢᠨ ᠨᠢᠭᠡ ᠡᠳᠦᠷ ᠪᠣᠯᠤᠨ᠎ᠠ᠃ ᠬᠤᠳᠠ ᠶᠢᠨ ᠨᠠᠮ ᠤᠨ ᠬᠤᠷᠢᠶᠠᠨ ᠤ ᠵᠤᠬᠢᠶᠠᠨ ᠪᠠᠢ᠌ᠭᠤᠯᠬᠤ ᠭᠡᠯᠳᠡᠰ ᠤᠨ ᠳᠠᠷᠤᠭ᠎ᠠ ᠰᠢᠯᠢᠠᠪᠠᠭᠠᠳᠤᠷ ᠵᠢ᠊ ᠬᠤᠰᠢᠭᠤ ᠳᠠᠷᠤᠭ᠎ᠠ ᠶᠢ ᠳᠤᠰᠴᠤ ᠠᠪᠬᠤ ᠪᠠᠷ ᠪᠠᠶ᠎ᠠ ᠪᠠᠷ ᠶᠢᠡᠨ ᠳᠤᠰᠬᠠᠢ᠌ᠯᠠᠨ ᠭᠦᠷᠴᠤ ᠢᠷᠠᠵᠠᠢ᠃ ᠵᠢ᠊ ᠬᠤᠰᠢᠭᠤ ᠳᠠᠷᠤᠭ᠎ᠠ ᠮᠠᠷᠭᠠᠰᠢ ᠦᠷᠯᠦᠭᠡ ᠵᠠᠪᠠᠯ ᠬᠤᠳᠠ ᠶᠢᠨ ᠵᠠᠰᠠᠭ ᠤᠨ ᠣᠷᠳᠤᠨ ᠳᠤ ᠭᠦᠷᠴᠤ᠂ ᠰᠢᠨ᠎ᠡ ᠠᠵᠢᠯ ᠤᠨ ᠪᠠᠢ᠌ᠷᠢ ᠳᠤ ᠪᠠᠨ ᠭᠠᠷᠬᠤ ᠡᠳᠦᠷ ᠪᠣᠯᠤᠨ᠎ᠠ᠃ ᠳᠡᠭᠡᠭᠡᠳ ᠥᠭᠡᠷ᠎ᠡ ᠴᠠᠭ ᠦᠭᠡᠶ ᠪᠣᠯᠤᠭᠰᠠᠨ ᠪᠣᠯᠬᠤᠷ᠂ ᠡᠨᠡ ᠣᠷᠤᠢ ᠨᠢ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠣᠷᠳᠤᠨ ᠡᠴᠠ ᠵᠢ᠊ ᠬᠤᠰᠢᠭᠤ ᠳᠠᠷᠤᠭ᠎ᠠ ᠳᠤ ᠥᠳᠡᠯᠭᠡ ᠶᠢᠨ ᠳᠠᠢ᠌ᠯᠠᠯᠭ᠎ᠠ ᠪᠡᠯᠡᠳᠭᠡᠪᠡ᠃ ᠥᠵᠡᠭᠦᠯ᠎ᠡ ᠡᠨᠡ ᠣᠷᠤᠢ ᠶᠢᠨ ᠡᠨᠡ ᠴᠠᠭ ᠲᠤ ᠡᠨᠡ ᠠᠷᠢᠭᠢ ᠶᠢ ᠠᠯᠢ ᠨᠢ ᠴᠤ ᠭᠡᠳ ᠣᠤᠭᠤᠬᠤ ᠦᠭᠡᠶ ᠥᠩᠭᠡᠷᠡᠭᠦ ᠳᠤ ᠪᠠᠷᠭᠡ ᠪᠣᠯᠵᠠᠢ᠃
ᠥᠳᠡᠯᠭᠡ ᠶᠢᠨ ᠳᠠᠢ᠌ᠯᠠᠯᠭ᠎ᠠ ᠡᠭᠢᠯᠡᠭᠡᠳ ᠴᠠᠭ ᠢᠯᠡᠭᠦᠤ ᠪᠣᠯᠤᠯ᠎ᠠ᠃ ᠡᠨᠡ ᠦᠶᠡᠰ ᠵᠢ᠊ ᠬᠤᠰᠢᠭᠤ ᠳᠠᠷᠤᠭ᠎ᠠ ᠶᠠᠭ ᠰᠠᠢ᠌ᠬᠠᠨ ᠬᠤᠰᠢᠭᠤ ᠨᠠᠮ᠂ ᠵᠠᠰᠠᠭ ᠤᠨ ᠡᠯ᠎ᠡ ᠣᠳᠤᠷᠢᠳᠤᠯᠭ᠎ᠠ ᠨᠡᠷ ᠲᠤ ᠶᠠᠷᠢᠶ᠎ᠠ ᠳᠠᠯᠪᠢᠨ ᠠᠷᠢᠭᠢ ᠪᠠᠷᠢᠵᠤ᠂ ᠥᠩᠭᠡᠷᠡᠭ᠍ᠰᠡᠨ ᠠᠵᠢᠯ ᠤᠳ ᠤᠨ ᠳᠤᠬᠠᠢ ᠨᠢᠭᠡ ᠨᠢᠭᠡ ᠶᠢᠡᠷ ᠦᠨᠡᠯᠠᠯᠳᠠ ᠭᠢᠵᠤ ᠪᠠᠢ᠌ᠳᠠᠯ᠎ᠠ ᠭᠠᠳᠠᠨ᠎ᠠ ᠡᠴᠠ ᠬᠠᠳᠠᠩᠭᠢᠷ ᠪᠠᠶ᠎ᠠ ᠲᠡᠶ ᠢᠳᠠᠷ ᠨᠠᠰᠤᠨ ᠤ ᠬᠠᠷ᠎ᠠ ᠴᠢᠷᠠᠢ᠌ᠳᠠᠢ ᠡᠷ᠎ᠡ ᠣᠷᠤᠵᠤ ᠢᠷᠠᠪᠠ᠃ ᠵᠢ᠊ ᠬᠤᠰᠢᠭᠤ ᠳᠠᠷᠤᠭ᠎ᠠ ᠳᠠᠷᠠ ᠭᠦᠮᠤᠨ ᠢ ᠥᠵᠡᠮᠡᠭ᠍ᠴᠡ᠄
《ᠭᠦᠢ ︕ ᠡᠨᠡ ᠴᠢᠨᠢ ᠬᠠᠷᠢᠨ ᠮᠠᠩᠬᠠᠳᠤ ᠰᠤᠮᠤᠨ ᠤ ᠳᠠᠷᠤᠭ᠎ᠠ ᠪᠠᠳᠠᠷᠠᠩᠭ᠋ᠤᠢ ᠪᠢᠰᠢ ᠶᠤᠮ ᠦᠦ ︖ ᠴᠢ ᠶᠠᠭᠠᠭᠢᠭᠠᠤᠨ ᠡ᠊ᠨᠳᠡ ᠭᠦᠷᠦᠭᠡᠳ ᠢᠷᠡᠴᠢᠭᠡᠪᠡ ︖》 ᠭᠡᠵᠤ ᠦᠨᠳᠦᠷ ᠳᠠᠭᠤ ᠪᠠᠷ ᠭᠠᠢ᠌ᠬᠠᠨ ᠠᠰᠠᠭᠤᠪᠠ᠃ ᠵᠢ᠊ ᠬᠤᠰᠢᠭᠤ ᠳᠠᠷᠤᠭ᠎ᠠ ᠳᠤᠳᠤᠷ᠎ᠠ ᠪᠠᠨ ᠮᠠᠩᠬᠠᠳᠤ ᠰᠤᠮᠤ ᠴᠢᠨᠢ ᠮᠠᠨ ᠤ ᠬᠤᠰᠢᠭᠤᠨ ᠳᠤ ᠪᠠᠨ ᠮᠠᠩᠬ᠎ᠠ ᠪᠠᠯᠠᠷ ᠶᠢᠠᠷ ᠰᠦᠷᠡᠭᠡᠢ ᠶᠡᠭᠡ ᠮᠠᠯᠵᠢᠬᠤ ᠰᠤᠮᠤᠨ ᠤ ᠨᠢᠭᠡ ᠶᠤᠮ᠂ ᠳᠡᠷᠭᠡ ᠮᠠᠰᠢᠨ ᠣᠷᠤᠵᠤ ᠳᠡᠢ᠌ᠯᠭᠦ ᠦᠭᠡᠶ᠂ ᠳᠡᠮᠡᠭᠡ ᠣᠨᠤᠭ᠎ᠠ ᠪᠠᠷ ᠣᠷᠤᠬᠤ ᠳᠤ ᠴᠤ ᠪᠠᠷᠭᠡᠳᠡᠢ ᠭᠠᠵᠠᠷ ᠰᠢᠤ᠂ ᠪᠢ ᠴᠢᠨᠢ ᠪᠠᠰᠠ ᠳᠠᠠᠳᠠ ᠬᠤᠶᠠᠷ ᠣᠳᠠᠭ᠎ᠠ ᠣᠴᠢᠭᠠᠤᠨ ᠥᠩᠭᠡᠷᠡᠭ᠍ᠰᠡᠨ ᠭᠦᠮᠤᠨ ᠳ᠋ᠠ ᠭᠡᠵᠤ ᠪᠣᠳᠤᠭᠠᠤᠨ ᠣᠬᠤᠰᠭᠢᠨ ᠪᠣᠰᠴᠤ᠂ ᠪᠠ᠊ ᠰᠤᠮᠤᠨ ᠳᠠᠷᠤᠭ᠎ᠠ ᠶᠢ ᠣᠭᠳᠤᠵᠤ ᠠᠪᠣᠭᠠᠤᠨ ᠬᠠᠯᠠᠭᠤᠨ ᠳᠤᠳᠤᠨᠤ ᠪᠠᠷ ᠭᠠᠷ ᠠᠳᠬᠤᠪᠠ᠃
《ᠪᠢ ᠦᠨᠦᠳᠤᠷ ᠬᠤᠰᠢᠭᠤᠨ ᠳᠤ ᠳᠤᠭ᠎ᠠ ᠮᠠᠭᠠᠤᠨ ᠮᠡᠳᠡᠭᠦᠯᠭᠦ ᠪᠠᠷ ᠢᠷᠡᠭ᠍ᠰᠡᠨ ᠶᠤᠮ᠃ ᠰᠤᠨᠤᠰᠬᠤᠯ᠎ᠠ᠂ ᠳᠠᠨ ᠢ ᠮᠠᠷᠭᠠᠰᠢ ᠦᠷᠯᠦᠭᠡ ᠳᠤ ᠪᠠᠨ ᠡ᠊ᠨᠳᠡ ᠡᠴᠠ ᠰᠢᠯᠵᠢᠵᠤ ᠶᠠᠪᠣᠨ᠎ᠠ ᠭᠡᠨ᠎ᠡ ᠦᠦ ︖ ᠪᠣᠰᠤᠳ ᠳᠠᠷᠤᠭ᠎ᠠ ᠨᠡᠷ ᠴᠤ ᠪᠦᠷ ᠡ᠊ᠨᠳᠡ ᠪᠠᠢ᠌ᠬᠤ ᠶᠤᠮ ᠪᠠᠢ᠌ᠨ᠎ᠠ᠃ ᠮᠢᠨᠤ ᠢᠷᠡᠭ᠍ᠰᠡᠨ ᠴᠠᠭ ᠨᠢ ᠵᠢᠭᠠᠬᠠᠨ ᠳᠠᠭᠠᠷᠠᠬᠤ ᠦᠭᠡᠶ ᠪᠣᠯᠵᠠᠢ᠃ ᠥᠨᠡᠭᠡᠷ ᠮᠠᠭᠤᠬᠠᠢ ᠪᠣᠯᠤᠯ᠎ᠠ᠂ ᠭᠡᠳᠡᠯ᠎ᠡ ᠵᠢ᠊ ᠬᠤᠰᠢᠭᠤ ᠳᠠᠷᠤᠭ᠎ᠠ ᠪᠣᠯ ᠮᠠᠨ ᠤ ᠳᠠᠠᠳᠠ ᠣᠴᠢᠵᠤ ᠥᠩᠭᠡᠷᠡᠭ᠍ᠰᠡᠨ ᠬᠠᠮᠤᠭ ᠤᠨ ᠳᠤᠮᠤ ᠳᠠᠷᠤᠭ᠎ᠠ᠂ ᠮᠠᠩᠬ᠎ᠠ ᠡᠯᠡᠰᠤ ᠶᠢ ᠶᠡᠭᠡ ᠭᠡᠳ ᠣᠬᠤᠷᠢᠭᠰᠠᠨ ᠦᠭᠡᠶ᠂ ᠮᠠᠰᠢᠨ ᠳᠡᠷᠭᠡ ᠣᠷᠤᠵᠤ ᠳᠡᠢ᠌ᠯᠦᠭ᠍ᠰᠡᠨ ᠦᠭᠡᠶ ᠴᠤ ᠮᠠᠬᠠᠢ ᠭᠤᠳᠤᠯ ᠶᠢᠡᠷ ᠶᠢᠡᠨ ᠶᠠᠪᠣᠭᠠᠤᠨ ᠣᠷᠤᠭᠰᠠᠨ ᠳᠠᠷᠤᠭ᠎ᠠ᠃ ᠮᠠᠩᠬᠠᠳᠤ ᠰᠤᠮᠤᠨ ᠤ ᠮᠠᠩᠬᠠᠨ ᠪᠠᠯᠠᠷ ᠤᠨ ᠮᠠᠯᠴᠢᠳ ᠲᠦᠮᠡᠨ ᠮᠠᠨᠢ ᠭᠡᠵᠢᠶᠡᠳᠡ ᠳᠠᠨ ᠢ ᠳᠤᠷᠠᠰᠴᠤ ᠪᠠᠢ᠌ᠳᠠᠭ ᠶᠤᠮ᠃ ᠳᠠᠭᠠᠭᠤᠯᠡᠷ᠂ ᠪᠢ ᠪᠦᠭᠦ ᠮᠠᠯᠴᠢᠨ ᠲᠦᠮᠡᠨ ᠶᠢᠡᠨ ᠲᠦᠯᠦᠭᠡᠯᠡᠵᠤ᠂ ᠨᠢᠭᠡ ᠳᠤ᠂ ᠳᠠᠨ ᠤ ᠠᠵᠢᠯ ᠣᠢ᠌ᠯᠠᠰ ᠴᠢᠨᠢ ᠮᠠᠠᠳᠤᠵᠤ᠂ ᠠᠯᠪᠠ ᠳᠤᠰᠢᠶᠠᠯ ᠴᠢᠨᠢ ᠨᠡᠮᠡᠭ᠍ᠳᠡᠵᠤ ᠪᠠᠢ᠌ᠬᠤ ᠳᠤ ᠴᠢᠨᠢ ᠪᠠᠶᠠᠷ ᠭᠦᠷᠭᠡᠵᠤ ᠪᠠᠢ᠌ᠨ᠎ᠠ ᠁ ᠬᠤᠶᠠᠷ ᠲᠤ᠂ ᠵᠢ᠊ ᠬᠤᠰᠢᠭᠤ ᠳᠠᠷᠤᠭ᠎ᠠ ᠮᠢᠨᠢ᠂ ᠪᠢᠰᠢ ᠪᠢᠰᠢ᠂ ᠵᠢ᠊ ᠬᠤᠳᠠ ᠶᠢᠨ ᠳᠠᠳ᠋ ᠳᠠᠷᠤᠭ᠎ᠠ ᠮᠢᠨᠢ᠂ ᠮᠠᠨ ᠤ ᠮᠠᠩᠬᠠᠳᠤ ᠰᠤᠮᠤ ᠶᠢ ᠮᠠᠩᠬ᠎ᠠ ᠪᠠᠯᠠᠷ ᠲᠡᠶ ᠭᠡᠳ ᠪᠢᠳᠡᠭᠡᠢ ᠮᠠᠷᠳᠠᠴᠢᠬ᠎ᠠ ᠳ᠋ᠠ᠂ ᠬᠤᠵᠢᠮ ᠤᠨ ᠬᠤᠵᠢᠮ ᠳᠤ ᠪᠠᠨ ᠶᠠᠮᠠᠷ ᠶᠡᠭᠡ ᠳᠠᠷᠤᠭ᠎ᠠ ᠪᠣᠯᠤᠭᠰᠠᠨ ᠴᠤ ᠴᠡᠭᠡᠵᠢᠯᠡᠵᠤ ᠯᠠ ᠪᠠᠢ᠌ᠪᠠᠯ ᠪᠣᠯᠴᠢᠬᠠᠨ᠎ᠠ ᠁》 ᠭᠡᠪᠡ᠃ ᠵᠢ᠊ ᠬᠤᠰᠢᠭᠤ ᠳᠠᠷᠤᠭ᠎ᠠ ᠪᠠ᠊ ᠰᠤᠮᠤᠨ ᠳᠠᠷᠤᠭ᠎ᠠ ᠶᠢ ᠨᠤᠯᠭᠤ ᠴᠢᠷᠴᠤ ᠬᠠᠵᠠᠭᠤ ᠳᠤ ᠪᠠᠨ ᠠᠪᠠᠴᠢᠵᠤ ᠰᠠᠭᠤᠯᠭᠠᠭᠠᠤᠨ᠄
《ᠳᠡᠭᠡᠵᠤ ᠶᠠᠭᠠᠭᠢᠵᠤ ᠪᠣᠯᠤᠨ᠎ᠠ ᠪᠣᠢ᠃ ᠮᠠᠩᠬᠠᠳᠤ ᠰᠤᠮᠤ ᠪᠠᠨ ᠮᠠᠷᠳᠠᠬᠤ ᠦᠭᠡᠶ᠂ ᠮᠠᠯᠴᠢᠳ ᠲᠦᠮᠡᠨ ᠶᠢᠡᠨ ᠴᠤ ᠮᠠᠷᠳᠠᠬᠤ ᠦᠭᠡᠶ᠃ ᠮᠠᠩᠬᠠᠳᠤ ᠰᠤᠮᠤᠨ ᠤ ᠮᠠᠩᠬᠠᠨ ᠪᠠᠯᠠᠷ ᠢ ᠭᠡᠯᠡᠭᠦ ᠶᠤᠮ ᠪᠣᠯ ᠴᠤᠬᠤᠮ ᠪᠠᠢ᠌ᠬᠤ ᠯᠠ᠂ ᠳᠠᠠᠳᠠᠭᠢ ᠶᠢᠨ ᠮᠠᠯᠴᠢᠨ ᠲᠦᠮᠡᠨ ᠥᠨᠡᠭᠡᠷ ᠠᠮᠠᠷ ᠦᠭᠡᠶ᠂ ᠨᠠᠢ᠌ᠷᠰᠠᠭ ᠵᠤᠴᠢᠠᠰᠠᠭ ᠰᠢᠤ》 ᠭᠡᠳ ᠵᠢᠭᠠᠬᠠᠨ ᠵᠤᠭᠭᠢᠵᠤ ᠠᠪᠣᠭᠠᠤᠨ ᠳᠠᠭᠢᠨ᠄
《ᠡᠤ᠋ ᠪᠠᠢ᠌ᠵᠠ᠂ ᠳᠡᠭᠡᠷ᠎ᠡ ᠣᠳᠠᠭ᠎ᠠ ᠴᠢᠨᠢ ᠮᠠᠨ ᠤ ᠭᠡᠳᠦᠭᠦᠯᠡ ᠳᠠᠨ ᠤ ᠰᠤᠮᠤᠨ ᠤ ᠮᠠᠩᠬᠠᠨ ᠪᠠᠯᠠᠷ ᠲᠤ ᠣᠷᠤᠵᠤ᠂ ᠨᠢᠭᠡ ᠮᠠᠯᠴᠢᠨ ᠠᠢ᠌ᠯ ᠳᠤ ᠣᠴᠢᠭᠰᠠᠨ ᠰᠢᠳᠠ᠂ ᠳᠠᠷᠠ ᠠᠢ᠌ᠯ ᠳᠤ ᠪᠠᠰᠠ ᠨᠢᠭᠡ ᠶᠠᠷᠠᠨ ᠨᠠᠰᠤ ᠶᠢ ᠳᠠᠪᠠᠭᠰᠠᠨ ᠶᠡᠭᠡᠮᠰᠦᠭ᠌ ᠵᠠᠩ ᠲᠡᠶ ᠠᠪᠣ ᠰᠠᠭᠤᠵᠤ ᠪᠠᠢ᠌ᠭᠰᠠᠨ ᠪᠢᠯᠠ᠂ ᠨᠠᠷᠠ ᠶᠢ ᠨᠢ ᠮᠠᠯᠴᠢᠨ ᠭᠡᠳᠡᠭ᠌ ᠪᠠ ︖ ᠣᠳᠤ ᠪᠠᠶ᠎ᠠ ᠨᠢ ᠶᠠᠮᠠᠷ ︖ ᠭᠠᠢ᠌ᠭᠤᠢ ᠪᠢᠵᠠ ︕》 ᠭᠡᠵᠤ ᠣᠬᠤᠴᠢᠯᠠᠨ ᠠᠰᠠᠭᠤᠪᠠ᠃
ᠳᠠᠢ᠌ᠮᠤ ᠨᠢᠭᠡᠨ ᠨᠠᠢ᠌ᠷᠰᠠᠭ ᠵᠤᠨ ᠤ ᠳᠤᠩᠭ᠋ᠠᠯᠠᠭ ᠰᠠᠢ᠌ᠬᠠᠨ ᠡᠳᠦᠷ ᠶᠤᠮᠰᠠᠨ᠃ ᠵᠢ᠊ ᠬᠤᠰᠢᠭᠤ ᠳᠠᠷᠤᠭ᠎ᠠ ᠪᠠ᠊ ᠰᠤᠮᠤᠨ ᠳᠠᠷᠤᠭ᠎ᠠ ᠶᠢᠨ ᠳᠠᠭᠠᠭᠤᠯᠤᠯᠭ᠎ᠠ ᠪᠠᠷ ᠮᠠᠩᠬᠠᠳᠤ ᠰᠤᠮᠤᠨ ᠤ ᠮᠠᠩᠬᠠᠨ ᠪᠠᠯᠠᠷ ᠲᠤ ᠣᠷᠤᠵᠤ᠂ ᠮᠠᠯᠴᠢᠨ ᠠᠪᠣ ᠶᠢᠨ ᠭᠡᠷ ᠲᠤ ᠣᠴᠢᠭᠰᠠᠨ ᠪᠠᠢ᠌ᠵᠠᠢ᠃ ᠳᠡᠷᠭᠡ ᠮᠠᠰᠢᠨ ᠣᠷᠤᠵᠤ ᠳᠡᠢ᠌ᠯᠭᠦ ᠦᠭᠡᠶ᠂ ᠳᠡᠭ᠍ᠰᠢ ᠥᠵᠡᠭ᠍ᠳᠡᠮᠡᠷ ᠵᠠᠮ ᠴᠤ ᠦᠭᠡᠶ ᠪᠣᠯᠬᠤᠷ᠂ ᠬᠠᠮᠤᠭ ᠤᠨ ᠰᠡᠭᠦᠯ ᠳᠤ ᠶᠠᠪᠠᠭᠠᠨ ᠶᠢᠡᠷ ᠬᠠᠭᠠᠰ ᠡᠳᠦᠷ ᠰᠠᠵᠢᠯᠠᠵᠤ ᠪᠠᠢ᠌ᠮᠠᠠᠵᠢᠨ ᠰᠠᠶᠢ ᠳᠦᠩᠭᠡᠵᠤ ᠭᠦᠷᠴᠤ ᠪᠢᠯᠠ᠃ ᠥᠨᠡᠭᠡᠷ ᠭᠡᠴᠡᠭᠦᠤ ᠳ᠋ᠠ᠃ ᠵᠢ᠊ ᠬᠤᠰᠢᠭᠤ ᠳᠠᠷᠤᠭ᠎ᠠ ᠮᠠᠯᠴᠢᠨ ᠠᠪᠣ ᠶᠢᠨ ᠮᠠᠩᠬᠠᠨ ᠳᠤ ᠳᠠᠷᠤᠭᠳᠠᠭᠰᠠᠨ ᠮᠡᠢ᠌ᠵᠢᠭᠡᠷ ᠭᠡᠷ ᠲᠤ ᠨᠢ ᠣᠷᠤᠬᠤ ᠳᠤ ᠮᠠᠯᠴᠢᠨ ᠠᠪᠣ ᠥᠨᠡᠭᠡᠷ ᠶᠡᠭᠡ ᠪᠠᠶᠠᠷᠯᠠᠭᠰᠠᠨ᠃ ᠢᠰᠢᠭᠡ ᠬᠤᠷᠠᠭ᠎ᠠ ᠬᠠᠷᠢᠭᠤᠯᠬᠤ ᠪᠠᠷ ᠶᠠᠪᠣᠬᠤ ᠭᠡᠵᠤ ᠪᠠᠢ᠌ᠭᠰᠠᠨ ᠪᠠᠷᠢ ᠪᠠᠨ ᠵᠠᠭᠢᠵᠤ᠂ ᠢᠳᠡᠭᠡᠰᠢᠭ᠌ ᠦᠳᠭᠡᠨ ᠰᠦ᠋ ᠲᠡᠶ ᠴᠠᠢ ᠴᠢᠨᠠᠭᠤᠯᠵᠤ ᠠᠮᠤ ᠳᠤᠰᠤ᠂ ᠠᠭᠠᠷᠤᠤᠯ ᠬᠤᠷᠤᠳ᠂ ᠬᠠᠭᠠᠷᠢᠭᠰᠠᠨ ᠪᠣᠭᠤᠷᠰᠤᠭ᠂ ᠬᠠᠳᠠᠭᠠᠭᠰᠠᠨ ᠪᠣᠷᠴᠠ ᠪᠠᠨ ᠭᠠᠷᠭᠠᠨ ᠦᠷᠤᠵᠤ ᠶᠡᠭᠡ ᠯᠠ ᠭᠦᠡᠳᠦᠳᠡᠢ ᠵᠤᠴᠢᠯᠠᠭᠰᠠᠨ ᠪᠢᠯᠠ᠃ ᠮᠠᠯᠴᠢᠨ ᠠᠪᠣ ᠵᠢ᠊ ᠬᠤᠰᠢᠭᠤ ᠳᠠᠷᠤᠭ᠎ᠠ ᠶᠢ ᠬᠠᠷᠠᠵᠤ ᠮᠠᠰᠢ ᠱᠤᠭ ᠲᠡᠶ ᠪᠠᠷ ᠰᠡᠷᠪᠠᠢ᠌ᠭ᠍ᠰᠡᠨ ᠭᠡᠳᠤᠨ ᠰᠢᠷ᠎ᠠ ᠰᠠᠬᠠᠯ ᠶᠢᠡᠨ ᠢᠮᠠᠷᠴᠤ᠄ 《ᠦᠨᠦᠳᠤᠷ ᠴᠢᠨᠢ ᠴᠤᠬᠤᠮ ᠨᠢᠭᠡ ᠰᠠᠢ᠌ᠨ ᠡᠳᠦᠷ ᠪᠠᠢ᠌ᠵᠠᠢ᠃ ᠪᠠᠯᠭᠡ ᠳᠠᠮᠪᠠᠷᠢᠯ ᠲᠡᠶ ᠪᠠᠭᠡᠵᠢᠩ ᠤᠨ ᠡᠳᠦᠷ ᠪᠠᠢ᠌ᠭᠰᠠᠨ ᠶᠤᠮ ᠪᠠᠢ᠌ᠨ᠎ᠠ᠃ ᠮᠠᠯᠴᠢᠨ ᠮᠠᠭᠤ ᠡᠪᠦᠭᠡᠨ ᠪᠢ ᠴᠢᠨᠢ ᠮᠠᠩᠬᠠᠨ ᠪᠠᠯᠠᠷ ᠲᠤ ᠪᠠᠨ ᠠᠮᠢᠳᠤᠷᠠᠭᠠᠤᠨ ᠶᠠᠷ᠎ᠠ ᠭᠠᠷᠤᠢ ᠵᠢᠯ ᠤᠨ ᠨᠢᠭᠤᠷ ᠢ ᠥᠵᠡᠭ᠍ᠰᠡᠨ ᠪᠣᠯᠪᠠᠴᠤ᠂ ᠡᠢ᠌ᠮᠤ ᠶᠡᠭᠡ ᠳᠤᠮᠤ ᠳᠠᠷᠤᠭ᠎ᠠ ᠭᠦᠮᠤᠨ ᠢ ᠡᠨᠡ ᠭᠠᠵᠠᠷ ᠲᠤ ᠣᠷᠤᠵᠤ ᠢᠷᠡᠭᠦ ᠶᠢ ᠶᠠᠷᠤ ᠣᠯᠵᠤ ᠥᠵᠡᠭ᠍ᠰᠡᠨ ᠦᠭᠡᠶ᠂ ᠡᠢ᠌ᠮᠤ ᠰᠤᠷᠠᠭ ᠢ ᠴᠤ ᠰᠤᠨᠤᠰᠤᠭᠰᠠᠨ ᠦᠭᠡᠶ᠃ ᠭᠢ ᠭᠢ ᠭᠢ ᠁》 ᠭᠡᠵᠤ ᠦᠪᠡᠷ ᠶᠢᠡᠨ ᠢᠨᠢᠶᠠᠵᠤ ᠭᠡᠯᠡᠴᠢᠭᠡᠭᠡᠳ ᠭᠠᠩᠰᠠ ᠲᠡᠶ ᠳᠠᠮᠠᠭᠢ ᠪᠠᠨ ᠰᠤᠷᠤᠵᠤ ᠭᠠᠢ᠌ᠭᠤᠢ ᠭᠡᠳᠤ ᠠᠭᠰᠠᠭᠠᠳᠠᠵᠤ ᠠᠪᠣᠭᠠᠤᠨ ᠵᠢ᠊ ᠬᠤᠰᠢᠭᠤ ᠳᠠᠷᠤᠭ᠎ᠠ ᠶᠢ ᠨᠠᠷᠢᠨ ᠠᠵᠢᠭᠯᠠᠪᠠ᠃ ᠵᠢ᠊ ᠬᠤᠰᠢᠭᠤ ᠳᠠᠷᠤᠭ᠎ᠠ ᠴᠤ ᠳᠤᠭᠤᠢ ᠰᠠᠭᠤᠭᠰᠠᠨ ᠦᠭᠡᠶ᠂ ᠮᠠᠯᠴᠢᠨ ᠠᠪᠣ ᠲᠡᠶ ᠪᠠᠶᠠᠨ ᠳᠠᠷᠭᠤᠨ ᠤ ᠮᠠᠠᠳᠤ ᠮᠠᠳᠠᠯᠴᠠᠨ᠂ ᠪᠠᠯᠴᠢᠭᠡᠷ ᠣᠰᠤᠨ ᠤ ᠵᠤᠭᠤᠭ ᠰᠤᠯᠢᠯᠴᠠᠵᠤ᠂ ᠳᠠᠨᠢᠯᠴᠠᠵᠤ ᠪᠠᠢ᠌ᠭᠰᠠᠨ ᠡᠴᠠ ᠨᠢ ᠳᠠᠰᠤᠯᠴᠠᠵᠤ᠂ ᠨᠠᠷᠭᠢᠵᠤ ᠪᠠᠢ᠌ᠭᠰᠠᠨ ᠡᠴᠠ ᠨᠢ ᠨᠠᠭᠠᠳᠤᠵᠤ ᠡᠭᠢᠯᠡᠪᠡ᠃ ᠵᠢ᠊ ᠬᠤᠰᠢᠭᠤ ᠳᠠᠷᠤᠭ᠎ᠠ ᠶᠠᠪᠣᠬᠤ ᠳᠤ ᠪᠠᠨ ᠮᠠᠩᠬᠠᠨ ᠳᠤ ᠳᠠᠷᠤᠭᠳᠠᠭᠰᠠᠨ ᠮᠡᠢ᠌ᠵᠢᠭᠢᠷ ᠭᠡᠷ ᠤᠨ ᠭᠢᠨ ᠡᠮᠦᠨ᠎ᠡ ᠮᠠᠯᠴᠢᠨ ᠠᠪᠣ ᠲᠡᠶ ᠬᠠᠮᠳᠤ ᠰᠡᠭᠦᠳᠡᠷ ᠳᠠᠳᠠᠭᠤᠯᠵᠤ ᠪᠢᠯᠠ᠃ ᠭᠡᠨ ᠮᠠᠳᠠᠯ᠎ᠠ᠂ ᠬᠤᠰᠢᠭᠤᠨ ᠳᠤ ᠬᠠᠷᠢᠬᠤ ᠵᠠᠮ ᠳᠤ ᠪᠠᠨ ᠨᠠᠷᠢᠨ ᠪᠢᠴᠢᠭᠡᠴᠢ ᠨᠢ ᠠᠷᠭ᠎ᠠ ᠪᠠᠨ ᠪᠠᠷᠠᠵᠤ ᠰᠡᠭᠦᠳᠡᠷ ᠤᠨ ᠮᠠᠰᠢᠨ ᠢ ᠨᠢ ᠣᠷᠤᠯᠳᠤᠵᠤ ᠪᠠᠢ᠌ᠭᠠᠤᠨ ᠭᠢᠴᠢᠶᠠᠮᠵᠢ ᠦᠭᠡᠶ ᠡᠴᠠ ᠭᠡᠷᠡᠯ ᠥᠵᠡᠭᠦᠯᠦᠭ᠍ᠰᠡᠨ ᠪᠣᠯᠬᠤᠷ ᠪᠦᠷ ᠳᠦᠭᠦᠷᠴᠢᠭᠡᠪᠡ᠃ ᠮᠠᠯᠴᠢᠨ ᠠᠪᠣ ᠶᠢᠨ ᠵᠢ᠊ ᠬᠤᠰᠢᠭᠤ ᠳᠠᠷᠤᠭ᠎ᠠ ᠲᠡᠶ ᠬᠠᠮᠳᠤ ᠳᠠᠳᠠᠭᠤᠯᠤᠭᠰᠠᠨ ᠡᠨᠡ ᠰᠡᠭᠦᠳᠡᠷ ᠨᠢ ᠮᠦᠨ ᠢᠩᠭᠢᠭᠡᠳ ᠯᠠ ᠬᠤᠷᠤᠮᠬᠠᠨ ᠵᠠᠭᠤᠷ᠎ᠠ ᠶᠢᠨ ᠳᠤᠳᠤᠷ᠎ᠠ ᠦᠭᠡᠶ ᠪᠣᠯᠴᠢᠬᠠᠳᠠᠭ ᠪᠠᠢ᠌ᠨ᠎ᠠ᠃ ᠮᠠᠯᠴᠢᠨ ᠠᠪᠣ ᠴᠤ ᠮᠠᠨᠢ ᠪᠠᠨ ᠳᠤᠭᠠᠯᠠᠵᠤ ᠮᠠᠩᠨᠠᠢ ᠪᠠᠨ ᠠᠷᠴᠢᠨ᠂ ᠰᠡᠭᠦᠳᠡᠷ ᠶᠢᠡᠨ ᠥᠵᠡᠭᠦ ᠭᠡᠵᠤ ᠰᠡᠭᠦᠷᠡᠰᠤ ᠠᠯᠳᠠᠨ ᠭᠦᠯᠢᠶᠡᠵᠤ ᠪᠠᠢ᠌ᠯᠭᠦᠢ᠃ ᠰᠡᠭᠦᠳᠡᠷ ᠨᠢ ᠪᠣᠯᠬᠤ ᠪᠠᠨ ᠪᠠᠢ᠌ᠭᠰᠠᠨ ᠢ ᠠᠯᠢ ᠨᠢᠭᠡᠨ ᠡᠳᠦᠷ ᠣᠯᠵᠤ ᠰᠤᠨᠤᠰᠪᠠᠯ ᠭᠡᠳᠦᠢ ᠬᠠᠷᠠᠮᠰᠠᠬᠤ ᠪᠣᠯ ⁉
ᠵᠢ᠊ ᠬᠤᠰᠢᠭᠤ ᠳᠠᠷᠤᠭ᠎ᠠ ᠡᠨᠡ ᠣᠴᠢᠷ ᠢ ᠡ᠊ᠨᠳᠡ ᠰᠠᠭᠤᠵᠤ ᠪᠠᠢ᠌ᠭ᠎ᠠ ᠳᠠᠷᠤᠭ᠎ᠠ ᠨᠡᠷ ᠲᠤ ᠭᠡᠯᠡᠵᠤ ᠪᠠᠷᠠᠭᠠᠤᠨ ᠳᠠᠭᠢᠭᠠᠤᠨ ᠪᠠ᠊ ᠰᠤᠮᠤᠨ ᠳᠠᠷᠤᠭ᠎ᠠ ᠵᠥᠭ᠌ ᠬᠠᠠᠳᠤᠵᠤ᠄
《ᠪᠠ᠊ ᠰᠤᠮᠤᠨ ᠳᠠᠷᠤᠭ᠎ᠠ ᠡ᠂ ᠴᠢ ᠨᠠᠮ᠎ᠠ ᠶᠢ ᠲᠦᠯᠦᠭᠡᠯᠡᠵᠤ᠂ ᠮᠠᠯᠴᠢᠨ ᠠᠪᠣ ᠳᠤ ᠪᠣᠷᠤᠭᠤ ᠭᠦᠯᠢᠶᠡᠭᠡᠴᠢ᠂ ᠡᠨᠡ ᠴᠢᠨᠢ ᠪᠦᠷ ᠮᠢᠨᠤ ᠪᠣᠷᠤᠭᠤ᠃ ᠮᠠᠯᠴᠢᠨ ᠠᠪᠣ ᠴᠤ ᠨᠠᠭᠠᠰᠢ ᠪᠠᠨ ᠬᠠᠠᠳᠤᠭᠠᠤᠨ ᠬᠠᠷᠠᠵᠤ ᠯᠠ ᠪᠠᠢ᠌ᠯᠭᠦᠢ》 ᠭᠡᠪᠡ᠃ ᠪᠠ᠊ ᠰᠤᠮᠤᠨ ᠳᠠᠷᠤᠭ᠎ᠠ᠄
《ᠡᠨᠡ ᠵᠢᠭᠠᠬᠠᠨ ᠣᠴᠢᠷ ᠤᠨ ᠲᠦᠯᠦᠭᠡ ᠶᠠᠭᠤᠨ ᠤ ᠭᠢᠨᠢ ᠪᠠᠰᠠ ᠪᠣᠷᠤᠭᠤ ᠭᠦᠯᠢᠶᠡᠨ᠎ᠡ ᠪᠣᠢ ︖ ᠦᠨᠡᠨᠳᠡᠭᠡᠨ ᠮᠠᠯᠴᠢᠨ ᠠᠪᠣ ᠴᠤ ᠡᠨᠡ ᠣᠴᠢᠷ ᠢ ᠳᠠᠷᠠ ᠦᠶᠡᠰ ᠲᠤ ᠶᠡᠭᠡ ᠶᠠᠭᠤᠮᠠᠨ ᠳᠤ ᠪᠣᠳᠤᠭᠰᠠᠨ ᠮᠠᠶᠢᠭ ᠦᠭᠡᠶ》 ᠭᠡᠵᠤ ᠭᠡᠯᠡᠭᠡᠳ ᠠᠪᠣᠪᠠ᠃
《ᠡᠨ ︕ ᠶᠠᠭᠠᠭᠢᠯ᠎ᠠ ᠭᠡᠨ᠎ᠡ ︖》 ᠭᠡᠵᠤ ᠵᠢ᠊ ᠬᠤᠰᠢᠭᠤ ᠳᠠᠷᠤᠭ᠎ᠠ ᠰᠤᠴᠢᠵᠤ ᠠᠪᠣᠭᠠᠤᠨ ᠪᠠᠷᠢᠴᠢᠨ ᠳᠤᠭᠤᠢ ᠪᠣᠯᠵᠤ 《ᠪᠢ ᠴᠢᠨᠢ ᠬᠤᠰᠢᠭᠤᠨ ᠤ ᠳᠠᠷᠤᠭ᠎ᠠ ᠭᠦᠮᠤᠨ᠂ ᠡᠳᠦᠷ ᠲᠤ ᠪᠠᠨ ᠬᠤᠰᠢᠭᠤᠨ ᠤ ᠳᠸᠯᠸᠢᠰ ᠪᠢᠰᠢ ᠪᠣᠯ ᠬᠤᠳᠠ ᠶᠢᠨ ᠳᠸᠯᠸᠢᠰ ᠤᠨ ᠳᠡᠯᠭᠡᠴᠡ ᠳᠡᠭᠡᠷ᠎ᠡ ᠭᠠᠷᠴᠤ ᠯᠠ ᠪᠠᠢ᠌ᠨ᠎ᠠ᠂ ᠬᠠᠷᠢᠨ ᠨᠢᠭᠡ ᠮᠠᠩᠬᠠᠨ ᠪᠠᠯᠠᠷ ᠤᠨ ᠮᠠᠯᠴᠢᠨ ᠠᠪᠣ ᠶᠢᠨ ᠰᠡᠳᠭᠢᠯ ᠳᠤ ᠴᠤ ᠰᠠᠭᠤᠭᠳᠠᠬᠤ ᠦᠭᠡᠶ ᠭᠡᠵᠤ ᠦᠦ ︖ ᠨᠠᠳᠠ ᠲᠡᠶ ᠬᠠᠮᠳᠤ ᠠᠪᠣᠭᠰᠠᠨ ᠰᠡᠭᠦᠳᠡᠷ ᠶᠢᠡᠨ ᠶᠡᠭᠡ ᠶᠠᠭᠤᠮᠠᠨ ᠳᠤ ᠪᠣᠳᠤᠵᠤ ᠦᠭᠡᠶ ᠭᠡᠨ᠎ᠡ ᠦᠦ ︖ ᠮᠠᠯᠴᠢᠨ ᠠᠪᠣ ᠨᠠᠮ᠎ᠠ ᠶᠢ ᠶᠠᠷᠤ ᠨᠢ ᠢᠳᠡᠭᠡᠭ᠍ᠰᠡᠨ ᠦᠭᠡᠶ ᠭᠡᠵᠤ ᠦᠦ ︖》 ᠭᠡᠵᠤ ᠳᠤᠳᠤᠷ᠎ᠠ ᠨᠢ ᠨᠢᠭᠡ ᠯᠠ ᠡᠪ ᠦᠭᠡᠶ ᠪᠣᠯᠵᠤ᠂ ᠨᠢᠭᠡ ᠶᠠᠭᠤᠮ᠎ᠠ ᠣᠷᠤᠴᠢᠬᠠᠭᠰᠠᠨ ᠰᠢᠭ ᠠᠷᠵᠠᠭᠯᠠᠨᠠ᠃ ᠪᠠ᠊ ᠰᠤᠮᠤᠨ ᠳᠠᠷᠤᠭ᠎ᠠ ᠵᠢ᠊ ᠬᠤᠰᠢᠭᠤ ᠳᠠᠷᠤᠭ᠎ᠠ ᠶᠢᠨ ᠳᠤᠭᠤᠢ ᠰᠠᠭᠤᠬᠤ ᠶᠢ ᠨᠢ ᠥᠵᠡᠭᠡᠳ ᠨᠠᠯᠢᠶᠠᠤᠨ ᠰᠠᠠᠳᠤᠷᠴᠤ᠄
《ᠵᠢ᠊ ᠬᠤᠰᠢᠭᠤ ᠳᠠᠷᠤᠭ᠎ᠠ ᠮᠢᠨᠤ ᠭᠡᠯᠡᠭ᠍ᠰᠡᠨ ᠥᠭᠡ ᠶᠢ ᠪᠣᠷᠤᠭᠤ ᠪᠠᠷ ᠣᠢ᠌ᠯᠠᠭᠠᠴᠢᠬᠠᠯᠠ ᠪᠠ᠃ ᠮᠠᠯᠴᠢᠨ ᠠᠪᠣ ᠳᠠᠨ ᠢ ᠭᠦᠡᠳᠦᠳᠭᠡᠭ᠍ᠰᠡᠨ ᠦᠭᠡᠶ ᠪᠢᠰᠢ᠃ ᠪᠢ ᠳᠡᠭᠡᠷ᠎ᠡ ᠣᠳᠠᠭ᠎ᠠ ᠮᠠᠩᠬᠠᠨ ᠪᠠᠯᠠᠷ ᠲᠤ ᠣᠴᠢᠬᠤ ᠳᠤ ᠮᠠᠯᠴᠢᠨ ᠠᠪᠣ ᠶᠢᠨ ᠪᠠᠶ᠎ᠠ ᠨᠢ ᠶᠡᠭᠡ ᠯᠠ ᠮᠠᠭᠤ ᠪᠠᠢ᠌ᠭᠰᠠᠨ᠂ ᠳᠡᠭᠡᠭᠡᠳ ᠰᠡᠭᠦᠳᠡᠷ ᠤᠨ ᠣᠴᠢᠷ ᠢ ᠪᠠᠰᠠ ᠭᠡᠯᠡᠯᠴᠡᠭᠡᠳ ᠠᠪᠣᠭᠰᠠᠨ᠃ ᠮᠠᠯᠴᠢᠨ ᠠᠪᠣ ᠬᠠᠷᠢᠨ ᠳᠠᠨ ᠢ ᠶᠠᠭᠤ ᠶᠠᠭᠠᠭᠢᠯ᠎ᠠ ᠭᠡᠳ ᠨᠠᠮ᠎ᠠ ᠰᠢᠭ ᠨᠠᠪᠳᠠᠰᠤ ᠭᠡᠳᠦᠷᠦᠭ᠍ᠰᠡᠨ ᠨᠠᠪᠳᠠᠢ᠌ᠭᠰᠠᠨ ᠮᠠᠭᠤ ᠡᠪᠦᠭᠡᠨ ᠲᠡᠶ ᠰᠡᠭᠦᠳᠡᠷ ᠳᠠᠳᠠᠬᠤ ᠪᠣᠢ ︖ ᠰᠡᠭᠦᠳᠡᠷ ᠳᠠᠳᠠᠯ᠎ᠠ ᠭᠡᠳ ᠬᠤᠰᠢᠭᠤ ᠳᠠᠷᠤᠭ᠎ᠠ ᠶᠢᠨ ᠨᠠᠷᠠ ᠨᠢᠭᠤᠷ ᠢ ᠪᠠᠷᠠᠭᠰᠠᠨ ᠣᠴᠢᠷ ᠪᠢᠰᠢ ᠶᠤᠮ ᠦᠦ ︖ ᠪᠠᠷᠤᠭ ᠡᠪᠦᠭᠡᠨ ᠮᠢᠨᠤ ᠰᠠᠨᠠᠭ᠎ᠠ ᠶᠢ ᠬᠠᠭᠤᠷᠴᠤ ᠰᠡᠭᠦᠳᠡᠷ ᠤᠨ ᠮᠠᠰᠢᠨ ᠶᠢᠡᠨ ᠬᠤᠭᠤᠰᠤᠨ ᠶᠢᠡᠷ ᠫᠠᠷᠴᠢᠭᠢᠨᠠᠭᠤᠯᠵᠤ ᠫᠠᠷᠴᠢᠭᠢᠨᠠᠭᠤᠯᠴᠢᠬᠠᠭᠠᠤᠨ ᠶᠠᠪᠣᠯ᠎ᠠ ᠪᠠ ︖ ᠮᠠᠯᠴᠢᠨ ᠠᠪᠣ ᠨᠠᠳᠠ ᠢᠩᠭᠢᠵᠤ ᠭᠡᠯᠡᠭᠡᠳ ᠢᠨᠢᠶᠠᠵᠤ ᠪᠠᠢ᠌ᠭᠰᠠᠨ》 ᠭᠡᠵᠤ ᠳᠠᠢ᠌ᠯᠪᠣᠷᠢᠯᠠᠪᠠ᠃
ᠵᠢ᠊ ᠬᠤᠰᠢᠭᠤ ᠳᠠᠷᠤᠭ᠎ᠠ ᠪᠠ᠊ ᠰᠤᠮᠤᠨ ᠳᠠᠷᠤᠭ᠎ᠠ ᠶᠢᠨ ᠳᠠᠢ᠌ᠯᠪᠣᠷᠢᠯᠠᠵᠤ ᠭᠡᠯᠡᠭᠦ ᠶᠢ ᠨᠢ ᠰᠤᠨᠤᠰᠤᠭᠠᠤᠨ ᠣᠯᠠᠭᠠᠨ ᠣᠷᠳᠤ ᠴᠢᠷᠠᠢ ᠨᠢ ᠣᠯᠠᠮ ᠣᠯᠠᠢ᠌ᠬᠤ ᠰᠢᠭ ᠪᠣᠯᠵᠤ᠂ ᠬᠠᠷᠠᠬᠤ ᠬᠤᠶᠠᠷ ᠨᠢᠳᠤ ᠨᠢ ᠬᠠᠷᠠᠯᠠᠬᠤ ᠰᠢᠭ ᠪᠣᠯᠪᠠ᠃ ᠵᠢ᠊ ᠬᠤᠰᠢᠭᠤ ᠳᠠᠷᠤᠭ᠎ᠠ ᠨᠠᠯᠢᠶᠠᠤᠨ ᠪᠣᠳᠤᠯᠭᠢᠯᠠᠵᠤ ᠠᠪᠣᠭᠠᠤᠨ ᠳᠠᠷᠠ ᠳᠤᠤᠷ᠎ᠠ ᠨᠢ ᠪᠣᠰᠤᠨ ᠵᠤᠭᠰᠤᠵᠤ᠂ ᠥᠳᠡᠯᠭᠡ ᠶᠢᠨ ᠳᠠᠢ᠌ᠯᠠᠯᠭ᠎ᠠ ᠳᠤ ᠣᠷᠤᠯᠴᠠᠭᠰᠠᠨ ᠳᠠᠷᠤᠭ᠎ᠠ ᠨᠡᠷ ᠢ ᠰᠢᠷᠪᠢᠨ ᠬᠠᠷᠠᠵᠤ᠂ ᠨᠢᠭᠡ ᠰᠠᠢ᠌ᠬᠠᠨ ᠢᠨᠢᠶᠡᠴᠢᠭᠡᠳ᠄
《ᠡᠷᠭᠢᠮ ᠭᠦᠡᠳᠦᠳᠤ ᠰᠢ᠊ ᠭᠡᠯᠳᠡᠰ ᠤᠨ ᠳᠠᠷᠤᠭ᠎ᠠ ᠡ᠂ ᠨᠠᠳᠠ ᠲᠡᠶ ᠬᠠᠮᠳᠤ ᠠᠵᠢᠯᠯᠠᠵᠤ ᠪᠠᠢ᠌ᠭᠰᠠᠨ ᠮᠠᠨ ᠤ ᠬᠤᠰᠢᠭᠤᠨ ᠤ ᠡᠷᠭᠢᠮ ᠣᠯᠠᠨ ᠳᠠᠷᠤᠭ᠎ᠠ ᠨᠡᠷ ᠡ᠂ ᠪᠢ ᠳᠠ ᠨᠡᠷ ᠲᠤ ᠳᠤᠩ ᠮᠠᠭᠤᠬᠠᠢ ᠪᠣᠯᠤᠯ᠎ᠠ᠃ ᠪᠢ ᠡᠷᠭᠢᠮ ᠳᠠ ᠨᠡᠷ ᠡᠴᠠ ᠴᠢᠯᠦᠭᠡ ᠭᠤᠶᠤᠶ᠎ᠠ ᠁ ᠨᠠᠷᠠ ᠭᠠᠷᠬᠤ ᠪᠠᠰᠠ ᠨᠢ᠋ᠮᠠ ᠶᠢᠰᠤᠨ ᠴᠠᠭ ᠤᠨ ᠵᠠᠢ ᠪᠠᠢ᠌ᠭᠰᠠᠭᠠᠷ᠃ ᠪᠢ ᠡᠨᠡ ᠰᠦᠨᠢ ᠳᠤ ᠪᠠᠨ ᠪᠠ᠊ ᠰᠤᠮᠤᠨ ᠳᠠᠷᠤᠭ᠎ᠠ ᠪᠠᠷ ᠵᠠᠮᠴᠢᠯᠠᠭᠤᠯᠵᠤ᠂ ᠮᠠᠩᠬᠠᠳᠤ ᠰᠤᠮᠤᠨ ᠤ ᠮᠠᠩᠬᠠᠨ ᠪᠠᠯᠠᠷ ᠲᠤ ᠭᠦᠷᠴᠤ᠂ ᠮᠠᠯᠴᠢᠨ ᠠᠪᠣ ᠲᠡᠶ ᠵᠤᠯᠭᠠᠵᠤ ᠡᠨᠡ ᠰᠡᠭᠦᠳᠡᠷ ᠶᠢᠡᠨ ᠨᠥᠭᠦᠵᠤ ᠳᠠᠳᠠᠭᠤᠯᠤᠶ᠎ᠠ》 ᠭᠡᠳ ᠰᠢᠭᠤᠤᠳ ᠭᠡᠯᠡᠴᠢᠭᠡᠪᠡ᠃
《ᠶᠠᠷᠤ ᠶᠢᠨ ᠨᠢᠭᠡᠨ ᠮᠠᠯᠴᠢᠨ ᠡᠪᠦᠭᠡᠨ ᠲᠡᠶ ᠰᠡᠭᠦᠳᠡᠷ ᠳᠠᠳᠠᠬᠤ ᠪᠠᠨ ᠣᠴᠢᠷ ᠦᠭᠡᠶ ᠶᠡᠭᠡ ᠶᠠᠭᠤᠮ᠎ᠠ ᠪᠣᠯᠭᠠᠭᠠᠤᠨ ᠶᠠᠭᠤ ᠭᠢᠨ᠎ᠠ ᠪᠣᠢ ︖ ᠥᠨᠡᠭᠡᠷ ᠴᠤ ᠳ᠋ᠠ᠃ ᠡᠨᠡ ᠣᠷᠤᠢ ᠶᠢᠨ ᠳᠠᠢ᠌ᠯᠠᠯᠭ᠎ᠠ ᠴᠢᠬᠤᠯᠠ ᠰᠢᠤ᠂ ᠬᠤᠳᠠ ᠶᠢᠨ ᠵᠤᠬᠢᠶᠠᠨ ᠪᠠᠢ᠌ᠭᠤᠯᠬᠤ ᠭᠡᠯᠳᠡᠰ ᠤᠨ ᠳᠠᠷᠤᠭ᠎ᠠ᠂ ᠬᠤᠰᠢᠭᠤᠨ ᠤ ᠳᠠᠷᠤᠭ᠎ᠠ ᠨᠡᠷ ᠪᠦᠷ ᠣᠷᠤᠯᠴᠠᠵᠤ ᠪᠠᠢ᠌ᠬᠤ ᠳᠤ᠂ ᠴᠢ ᠭᠠᠭᠴᠠᠭᠠᠷ ᠶᠢᠡᠨ ᠪᠠᠷᠭᠢᠷᠠᠵᠤ ᠦᠰᠦᠷᠦᠭᠡᠳ ᠶᠠᠭᠠᠭᠢᠨ᠎ᠠ ᠪᠣᠢ᠃ ᠡᠢ᠌ᠮᠤ ᠠᠷᠪᠢᠨ ᠭᠦᠮᠤᠨ ᠤ ᠰᠠᠨᠠᠭ᠎ᠠ ᠶᠢ ᠣᠢ᠌ᠯᠠᠭᠠᠬᠤ ᠦᠭᠡᠶ ᠭᠦᠰᠡᠷᠳᠡᠭᠦᠯᠵᠤ ᠬᠠᠶᠠᠨ᠎ᠠ ᠭᠡᠭ᠍ᠴᠢ ᠁》 ᠭᠡᠰᠡᠨ ᠮᠠᠶᠢᠭᠳᠠᠢ ᠬᠤᠳᠠ ᠶᠢᠨ ᠰᠢ᠊ ᠭᠡᠯᠳᠡᠰ ᠤᠨ ᠳᠠᠷᠤᠭ᠎ᠠ ᠶᠢᠨ ᠬᠠᠵᠠᠭᠤ ᠳᠤ ᠨᠠᠭᠠᠯᠳᠤᠵᠤ ᠰᠠᠭᠤᠵᠤ ᠪᠠᠢ᠌ᠭᠰᠠᠨ ᠬᠤᠰᠢᠭᠤ ᠨᠠᠮ ᠤᠨ ᠬᠤᠷᠢᠶᠠᠨ ᠤ ᠱᠦᠵᠢ ᠪᠣᠷᠴᠠᠭ ᠵᠢ᠊ ᠬᠤᠰᠢᠭᠤ ᠳᠠᠷᠤᠭ᠎ᠠ ᠶᠢ ᠮᠠᠭᠤᠬᠠᠢ ᠨᠢᠳᠤ ᠶᠢᠡᠷ ᠭᠦᠯᠢ᠌ᠵᠤ ᠠᠪᠣᠭᠠᠤᠨ ᠠᠭᠤᠷ ᠨᠢ ᠭᠦᠷᠴᠤ ᠣᠠᠳᠤᠭᠤᠴᠠᠵᠤ ᠪᠠᠢ᠌ᠬᠤ ᠨᠢ ᠢᠯᠡᠭᠡᠨ ᠪᠠᠢ᠌ᠯ᠎ᠠ᠃
ᠰᠢ᠊ ᠭᠡᠯᠳᠡᠰ ᠤᠨ ᠳᠠᠷᠤᠭ᠎ᠠ ᠴᠤ ᠶᠠᠭᠠᠭᠢᠬᠤ ᠪᠠᠨ ᠣᠯᠵᠤ ᠶᠠᠳᠠᠨ᠄
《ᠵᠠ ︕ ᠵᠢ᠊ ᠬᠤᠰᠢᠭᠤ ᠳᠠᠷᠤᠭ᠎ᠠ ᠮᠢᠨᠢ ᠳ᠋ᠠ᠂ ᠡᠨᠡ ᠰᠡᠭᠦᠳᠡᠷᠯᠡᠭᠦ ᠣᠴᠢᠷ ᠢ ᠳᠠᠷᠠᠭ᠎ᠠ ᠣᠳᠠᠭ᠎ᠠ ᠳᠤᠰᠬᠠᠢ ᠨᠢᠭᠡ ᠡᠳᠦᠷ ᠰᠤᠩᠭ᠋ᠤᠵᠤ ᠪᠠᠢ᠌ᠭᠠᠤᠨ ᠨᠥᠭᠦᠵᠤ ᠰᠡᠭᠦᠳᠡᠷᠯᠡᠵᠤ ᠪᠣᠯᠬᠤ ᠦᠭᠡᠶ ᠦᠦ ︖》 ᠭᠡᠵᠤ ᠵᠢ᠊ ᠬᠤᠰᠢᠭᠤ ᠳᠠᠷᠤᠭ᠎ᠠ ᠶᠢ ᠢᠳᠬᠠᠬᠤ ᠮᠠᠶᠢᠭᠳᠠᠢ ᠭᠡᠯᠡᠵᠤ ᠦᠵᠡᠪᠠ᠃
《ᠥᠭᠡᠷ᠎ᠡ ᠡᠳᠦᠷ ᠪᠠᠢ᠌ᠬᠤ ᠦᠭᠡᠶ ᠯᠠᠢ᠂ ᠰᠢ᠊ ᠭᠡᠯᠳᠡᠰ ᠤᠨ ᠳᠠᠷᠤᠭ᠎ᠠ ᠮᠢᠨᠢ》 ᠭᠡᠵᠤ ᠵᠢ᠊ ᠬᠤᠰᠢᠭᠤ ᠳᠠᠷᠤᠭ᠎ᠠ ᠳᠤᠯᠤᠭᠠᠢ ᠪᠠᠨ ᠰᠠᠵᠢᠵᠤ᠄
《ᠮᠠᠯᠴᠢᠨ ᠠᠪᠣ ᠶᠢᠨ ᠨᠠᠰᠤᠨ ᠰᠡᠭᠦᠳᠡᠷ ᠦᠨᠳᠦᠷ᠂ ᠪᠠᠶ᠎ᠠ ᠨᠢ ᠡᠳᠦᠷ ᠡᠴᠠ ᠡᠳᠦᠷ ᠮᠠᠭᠤᠵᠢᠷᠠᠵᠤ ᠪᠠᠢ᠌ᠨ᠎ᠠ᠂ ᠮᠠᠨᠤᠰ ᠭᠦᠯᠢᠶᠡᠵᠤ ᠳᠡᠢ᠌ᠯᠭᠦ ᠳᠤ ᠮᠠᠯᠴᠢᠨ ᠠᠪᠣ ᠬᠠᠷᠢᠨ ᠭᠦᠯᠢᠶᠡᠵᠤ ᠳᠡᠢ᠌ᠯᠭᠦ ᠦᠭᠡᠶ ᠰᠢᠤ᠃ ᠪᠢ ᠡᠨᠡ ᠬᠤᠰᠢᠭᠤᠨ ᠳᠤ ᠡᠢ᠌ᠮᠤ ᠣᠳᠠᠭᠠᠨ ᠵᠢᠯ ᠬᠤᠰᠢᠭᠤ ᠳᠠᠷᠤᠭ᠎ᠠ ᠰᠠᠭᠤᠭᠰᠠᠨ ᠭᠦᠮᠤᠨ᠂ ᠬᠠᠮᠤᠭ ᠤᠨ ᠨᠠᠭᠠᠳᠤ ᠵᠠᠬ᠎ᠠ ᠳᠤ ᠪᠠᠨ ᠨᠢᠭᠡ ᠶᠠᠷᠠᠨ ᠨᠠᠰᠤ ᠶᠢ ᠳᠠᠪᠠᠭᠰᠠᠨ ᠮᠠᠯᠴᠢᠨ ᠠᠪᠣ ᠶᠢᠨ ᠢᠳᠡᠭᠡᠯ ᠢ ᠴᠤ ᠣᠯᠵᠤ ᠳᠡᠢ᠌ᠯᠭᠦ ᠦᠭᠡᠶ ᠪᠠᠢ᠌ᠨ᠎ᠠ ᠰᠢᠤ᠂ ᠢᠩᠭᠢᠭᠡᠳ ᠶᠠᠭᠠᠭᠢᠵᠤ ᠪᠣᠯᠤᠨ᠎ᠠ ᠪᠣᠢ ︖ ᠮᠠᠯᠴᠢᠨ ᠠᠪᠣ ᠶᠢᠨ ᠢᠳᠡᠭᠡᠯ ᠢ ᠴᠤ ᠣᠯᠵᠤ ᠳᠡᠢ᠌ᠯᠭᠦ ᠦᠭᠡᠶ ᠶᠤᠮ ᠪᠣᠯ ᠮᠠᠨ ᠤ ᠬᠤᠰᠢᠭᠤᠨ ᠤ ᠪᠠᠨ ᠮᠠᠯᠴᠢᠨ ᠲᠦᠮᠡᠨ ᠤ ᠢᠳᠡᠭᠡᠯ ᠢ ᠨᠠᠩ ᠴᠤ ᠣᠯᠵᠤ ᠳᠡᠢ᠌ᠯᠭᠦ ᠦᠭᠡᠶ ᠪᠣᠯᠤᠨ᠎ᠠ》 ᠭᠡᠵᠤ ᠭᠡᠯᠡᠭᠡᠳ ᠶᠠᠪᠣᠬᠤ ᠪᠠᠷ ᠪᠣᠯᠪᠠ᠃
ᠬᠤᠰᠢᠭᠤ ᠨᠠᠮ ᠤᠨ ᠬᠤᠷᠢᠶᠠᠨ ᠤ ᠱᠦᠵᠢ ᠪᠣᠷᠴᠠᠭ ᠪᠠᠰᠠ ᠯᠠ ᠬᠤᠷᠢᠭᠯᠠᠬᠤ ᠰᠠᠨᠠᠭ᠎ᠠ ᠳᠦᠷᠤᠵᠤ᠄
《ᠡᠨᠡ ᠣᠷᠤᠢ ᠳᠡᠭ᠍ᠷᠢ ᠪᠦᠷᠭᠦᠵᠤ ᠪᠠᠢ᠌ᠨ᠎ᠠ ᠰᠢᠤ᠂ ᠪᠣᠷᠤᠭᠠᠨ ᠣᠷᠤᠬᠤ ᠴᠤ ᠮᠠᠭᠠᠤᠨ ᠦᠭᠡᠶ᠃ ᠮᠠᠩᠬᠠᠨ ᠪᠠᠯᠠᠷ ᠲᠤ ᠵᠠᠮ ᠴᠤ ᠪᠠᠢ᠌ᠬᠤ ᠦᠭᠡᠶ᠂ ᠮᠠᠴᠤᠵᠤ ᠶᠠᠪᠣᠬᠤ ᠳᠤ ᠴᠤ ᠭᠦᠴᠢᠷ᠃ ᠨᠢᠭᠡᠮᠦᠰᠤᠨ ᠳᠠᠷᠠᠭ᠎ᠠ ᠣᠳᠠᠭ᠎ᠠ ᠣᠴᠢᠬᠤ ᠦᠭᠡᠶ ᠦᠦ》 ᠭᠡᠵᠤ ᠵᠢ᠊ ᠬᠤᠰᠢᠭᠤ ᠳᠠᠷᠤᠭ᠎ᠠ ᠶᠢ ᠨᠢᠭᠡ ᠳᠠᠯ᠎ᠠ ᠪᠠᠷ ᠠᠶᠤᠯᠭᠠᠵᠤ᠂ ᠨᠥᠭᠦᠭᠡ ᠳᠠᠯ᠎ᠠ ᠪᠠᠷ ᠴᠢᠷᠠᠢ᠌ᠳᠠᠪᠠ᠃
ᠵᠢ᠊ ᠬᠤᠰᠢᠭᠤ ᠳᠠᠷᠤᠭ᠎ᠠ ᠭᠡᠯᠡᠪᠠᠯ ᠥᠭᠡ᠂ ᠭᠢᠰᠭᠢᠪᠠᠯ ᠭᠠᠵᠠᠷ ᠭᠡᠰᠡᠨ ᠰᠢᠭ ᠰᠢᠭᠤᠳ᠄
《ᠪᠣ ᠱᠦᠵᠢ ᠮᠢᠨᠢ ︕ ᠪᠣᠯᠬᠤ ᠦᠭᠡᠶ ᠰᠢᠤ᠃ ᠪᠢ ᠡ᠊ᠨᠳᠡ ᠡᠴᠠ ᠰᠢᠯᠵᠢᠵᠤ ᠶᠠᠪᠣᠬᠤ ᠶᠢᠨ ᠶᠢᠡᠨ ᠣᠷᠢᠳᠠᠢ ᠣᠴᠢᠪᠠᠯ ᠮᠠᠯᠴᠢᠨ ᠠᠪᠣ ᠴᠤᠬᠤᠮ ᠪᠠᠶᠠᠷᠯᠠᠬᠤ ᠶᠤᠮ᠃ ᠮᠠᠩᠬᠠᠨ ᠪᠠᠯᠠᠷ ᠳᠤᠨᠢ ᠵᠠᠮ ᠮᠦᠷ ᠦᠭᠡᠶ ᠴᠤ ᠮᠠᠨ ᠤ ᠪᠠ᠊ ᠰᠤᠮᠤᠨ ᠳᠠᠷᠤᠭ᠎ᠠ ᠪᠠᠢ᠌ᠬᠤ ᠶᠤᠮ ᠴᠢᠨᠢ ᠭᠠᠢ᠌ᠭᠤᠢ ᠪᠠᠢ᠌ᠯᠭᠦᠢ᠃ ᠮᠠᠯᠴᠢᠨ ᠲᠦᠮᠡᠨ ᠮᠢᠨᠢ᠂ ᠮᠠᠩᠬᠠᠨ ᠪᠠᠯᠠᠷ ᠲᠤ ᠣᠷᠤᠰᠢᠨ ᠳᠤᠭᠳᠠᠨᠢᠬᠤ ᠶᠢᠨ ᠲᠦᠯᠦᠭᠡ ᠨᠢᠭᠡ ᠨᠠᠰᠤ ᠪᠠᠷ ᠶᠢᠡᠨ ᠠᠮᠢᠳᠤᠷᠠᠭᠠᠤᠨ ᠪᠣᠯᠵᠤ ᠪᠠᠢ᠌ᠬᠤ ᠳᠤ ᠮᠠᠨᠤᠰ ᠨᠢᠭᠡ ᠬᠤᠶᠠᠷ ᠣᠳᠠᠭ᠎ᠠ ᠣᠴᠢᠬᠤ ᠳᠤ ᠵᠤᠪᠠᠮᠠᠷ ᠶᠠᠭᠤ ᠪᠠᠢ᠌ᠬᠤ ᠳ᠋ᠠ ︕ ᠮᠠᠴᠤᠵᠤ ᠮᠥᠯᠭᠦᠭᠡᠳ ᠴᠤ ᠭᠦᠷᠭᠦ ᠪᠠᠢ᠌ᠯᠭᠦᠢ》 ᠭᠡᠴᠢᠭᠡᠪᠡ᠃ ᠵᠢ᠊ ᠬᠤᠰᠢᠭᠤ ᠳᠠᠷᠤᠭ᠎ᠠ ᠶᠢᠨ ᠡᠨᠡ ᠣᠷᠤᠢ ᠶᠠᠪᠣᠬᠤ ᠶᠢ ᠨᠢ ᠭᠡᠨ ᠴᠤ ᠬᠤᠷᠢᠭᠯᠠᠵᠤ ᠳᠡᠢ᠌ᠯᠭᠦ ᠦᠭᠡᠶ ᠭᠡᠰᠡᠨ ᠨᠢ ᠢᠯᠡᠷᠭᠡᠢ ᠪᠠᠢ᠌ᠯ᠎ᠠ᠃ ᠵᠢ᠊ ᠬᠤᠰᠢᠭᠤ ᠳᠠᠷᠤᠭ᠎ᠠ᠄ 《ᠡᠨᠡ ᠮᠠᠶᠢᠭ ᠶᠢᠡᠷ ᠢᠳᠡᠭᠡᠯ ᠶᠢᠡᠨ ᠪᠠᠷᠠᠪᠠᠯ ᠬᠤᠵᠢᠮ ᠮᠠᠯᠴᠢᠨ ᠲᠦᠮᠡᠨ ᠴᠤ ᠮᠠᠨᠤᠰ ᠰᠢᠭ ᠡᠪ ᠬᠠᠮᠳᠤ ᠨᠠᠮ ᠤᠨ ᠺᠠᠳ᠋ᠷ ᠤᠳ ᠢ 〈ᠥᠨᠳᠡᠰᠭᠢᠪᠠᠯ ᠳᠦᠩᠭᠡᠭᠡᠳ ᠵᠢᠭᠠᠬᠠᠨ ᠳᠠᠷᠤᠭ᠎ᠠ ᠪᠣᠯᠤᠭᠰᠠᠭᠠᠷ ᠯᠠ ᠦᠨᠡᠨ ᠥᠭᠡ ᠭᠡᠯᠡᠭᠦ ᠦᠭᠡᠶ᠂ ᠥᠭᠡᠷ ᠤᠨ ᠪᠦᠭ᠍ᠰᠡ ᠥᠯᠢᠶᠡᠭᠦ ᠶᠢ ᠯᠠ ᠮᠠᠳᠠᠨ᠎ᠡ᠂ ᠣᠢ᠌ᠯᠠᠰ ᠠᠵᠢᠯ ᠭᠢᠭᠦ ᠦᠭᠡᠶ᠂ ᠦᠳᠡᠰᠢ ᠨᠢ ᠯᠤᠩᠬᠤ ᠳᠡᠪᠠᠷᠢᠭᠦ ᠶᠢ ᠯᠠ ᠮᠠᠳᠠᠨ᠎ᠡ〉 ᠭᠡᠵᠤ ᠭᠡᠯᠡᠭᠦ ᠦᠭᠡᠶ ᠦᠦ ︖ ᠡᠨᠡ ᠣᠷᠤᠢ ᠳᠠᠭᠠᠨ ᠶᠠᠪᠣᠬᠤ ᠦᠭᠡᠶ ᠶᠠᠭᠠᠭᠢᠭᠰᠠᠨ ᠴᠤ ᠪᠣᠯᠬᠤ ᠦᠭᠡᠶ᠃ ᠡᠨᠡ ᠣᠷᠤᠢ ᠳᠠᠭᠠᠨ ᠮᠠᠯᠴᠢᠨ ᠠᠪᠣ ᠲᠡᠶ ᠵᠠᠪᠠᠯ ᠵᠤᠯᠭᠠᠵᠤ᠂ ᠳᠦᠷᠦᠭᠦᠤ ᠣᠳᠠᠭ᠎ᠠ ᠶᠢᠨ ᠰᠡᠭᠦᠳᠡᠷ ᠤᠨ ᠣᠴᠢᠷ ᠢ ᠳᠠᠢ᠌ᠯᠪᠣᠷᠢᠯᠠᠨ ᠥᠭ᠍ᠴᠤ᠂ ᠮᠠᠷᠭᠠᠰᠢ ᠦᠷᠯᠦᠭᠡ ᠨᠢ ᠪᠠᠷᠢᠴᠢᠨ ᠣᠭᠢᠶᠠᠭᠠᠤᠨ ᠭᠠᠷᠭᠠᠴᠢᠬᠠᠳᠠᠭ ᠳᠡᠭᠡᠳᠤ ᠵᠡᠷᠭᠡ ᠶᠢᠨ ᠰᠡᠭᠦᠳᠡᠷ ᠤᠨ ᠮᠠᠰᠢᠨ ᠶᠢᠡᠨ ᠭᠡᠷᠡᠭᠯᠡᠵᠤ᠂ ᠮᠠᠯᠴᠢᠨ ᠠᠪᠣ ᠲᠡᠶ ᠬᠠᠮᠳᠤ ᠶᠢᠨ ᠰᠡᠭᠦᠳᠡᠷ ᠨᠥᠭᠦᠵᠤ ᠳᠠᠳᠠᠭᠤᠯᠤᠶ᠎ᠠ᠂ ᠪᠠᠷᠢᠴᠢᠨ ᠣᠭᠢᠶᠠᠵᠤ ᠭᠠᠷᠭᠠᠭᠠᠤᠨ ᠭᠠᠷᠳᠠᠭᠤᠯᠵᠤ ᠦᠭᠭᠦᠶ᠎ᠡ ︕》 ᠭᠡᠵᠤ ᠠᠮᠠᠨ ᠳᠤᠳᠤᠷ᠎ᠠ ᠪᠠᠨ ᠭᠡᠯᠡᠭ᠍ᠰᠡᠨ ᠦᠭᠡᠶ ᠴᠤ ᠠᠶᠤᠤᠯᠢᠬᠠᠢ ᠳᠤᠳᠤᠷ᠎ᠠ ᠪᠠᠨ ᠪᠣᠳᠤᠭᠠᠤᠨ ᠠᠮᠵᠢᠯ᠎ᠠ᠃ ᠵᠢ᠊ ᠬᠤᠰᠢᠭᠤ ᠳᠠᠷᠤᠭ᠎ᠠ ᠨᠠᠷᠢᠨ ᠪᠢᠴᠢᠭᠡᠴᠢ ᠪᠠᠨ ᠳᠠᠭᠤᠳᠠᠵᠤ ᠴᠢᠭᠢᠨ ᠳ᠋ᠤᠨᠢ ᠭᠡᠳᠤᠨ ᠥᠭᠡ ᠰᠢᠪᠠᠨᠠᠵᠤ ᠶᠠᠪᠣᠬᠤ ᠪᠠᠷ ᠳᠤᠭᠢᠷᠠᠭᠤᠯᠪᠠ᠃
ᠵᠢ᠊ ᠬᠤᠰᠢᠭᠤ ᠳᠠᠷᠤᠭ᠎ᠠ ᠬᠤᠠᠳᠠᠭ᠎ᠠ ᠲᠡᠶ ᠠᠷᠢᠭᠢ ᠪᠠᠨ ᠡᠷᠭᠦᠵᠤ᠄
《ᠵᠠ︕ ᠳᠠ ᠨᠡᠷ ᠲᠤ ᠣᠰᠤᠯᠳᠠᠯᠠ᠂ ᠡᠨᠡ ᠪᠦᠷ ᠮᠢᠨᠤ ᠪᠣᠷᠤᠭᠤ᠂ ᠠᠭᠤᠴᠢᠯᠠᠵᠤ ᠬᠠᠢ᠌ᠷᠠᠯᠠᠬᠤ ᠪᠣᠯᠪᠠ ᠦᠦ ︖ ᠳᠠ ᠨᠡᠷ ᠲᠡᠶ ᠨᠢᠭᠡ ᠬᠤᠠᠳᠠᠭ᠎ᠠ ᠠᠷᠢᠭᠢ ᠪᠠᠨ ᠣᠤᠭᠤᠴᠢᠬᠠᠭᠠᠤᠨ ᠪᠢ ᠪᠠ᠊ ᠰᠤᠮᠤᠨ ᠳᠠᠷᠤᠭ᠎ᠠ ᠲᠡᠶ ᠬᠠᠮᠳᠤ ᠣᠳᠤ ᠪᠠᠷ ᠶᠢᠡᠨ ᠶᠠᠪᠣᠯ᠎ᠠ》 ᠭᠡᠵᠤ ᠨᠢᠭᠡ ᠯᠠ ᠭᠦᠡᠳᠡᠷᠡᠴᠢᠭᠡᠭᠡᠳ ᠭᠦᠳᠡᠯᠭᠦ ᠪᠠᠷ ᠪᠣᠯᠪᠠ᠃
ᠬᠤᠳᠠ ᠶᠢᠨ ᠰᠢ᠊ ᠭᠡᠯᠳᠡᠰ ᠤᠨ ᠳᠠᠷᠤᠭ᠎ᠠ ᠴᠤ ᠬᠠᠮᠤᠭ ᠰᠡᠭᠦᠯ ᠳᠤ ᠠᠷᠭ᠎ᠠ ᠦᠭᠡᠶ ᠳᠤᠯᠤᠭᠠᠢ ᠳᠤᠭᠢᠵᠤ ᠵᠢ᠊ ᠬᠤᠰᠢᠭᠤ ᠳᠠᠷᠤᠭ᠎ᠠ ᠶᠢᠨ ᠶᠠᠪᠣᠬᠤ ᠶᠢ ᠨᠢ ᠵᠦᠪᠰᠢᠶᠠᠷᠠᠪᠠ᠃ ᠡᠨᠡ ᠣᠷᠤᠢ ᠶᠢᠨ ᠥᠳᠡᠯᠭᠡ ᠶᠢᠨ ᠳᠠᠢ᠌ᠯᠠᠯᠭ᠎ᠠ ᠴᠤ ᠣᠴᠢᠷ ᠲᠡᠶ ᠭᠡᠷᠡᠭ᠌ ᠪᠣᠯᠵᠠᠢ᠂ ᠭᠤᠤᠯ ᠳᠤᠭᠯᠠᠭᠴᠢ ᠨᠢ ᠣᠳᠤ ᠪᠠᠷ ᠶᠠᠪᠣᠬᠤ ᠪᠣᠯᠤᠭᠰᠠᠨ ᠳᠤᠯᠠ ᠭᠤᠤᠯ ᠰᠢᠷᠡᠭᠡ ᠨᠢ ᠴᠤ ᠨᠢᠭᠡ ᠳᠠᠯ᠎ᠠ ᠯᠤᠭ᠎ᠠ ᠪᠠᠨ ᠬᠠᠵᠠᠢ᠌ᠬᠤ ᠰᠢᠭ ᠪᠣᠯᠴᠢᠬᠠᠪᠠ᠃ ᠰᠢ᠊ ᠭᠡᠯᠳᠡᠰ ᠤᠨ ᠳᠠᠷᠤᠭ᠎ᠠ ᠦᠨᠳᠠᠢ᠌ᠨ ᠪᠣᠰᠴᠤ ᠭᠠᠷ ᠶᠢᠡᠨ ᠳᠤᠭᠢᠵᠤ ᠪᠣᠰᠤᠳ ᠳᠠᠷᠤᠭ᠎ᠠ ᠨᠡᠷ ᠢ ᠰᠠᠭᠤᠯᠭᠠᠭᠠᠤᠨ᠄
《ᠵᠠ︕ ᠡᠨᠡ ᠣᠷᠤᠢ ᠶᠢᠨ ᠥᠳᠡᠯᠭᠡ ᠶᠢᠨ ᠳᠠᠢ᠌ᠯᠠᠯᠭ᠎ᠠ ᠶᠢ ᠮᠦᠨ ᠡ᠊ᠨᠳᠡ ᠭᠦᠷᠦᠭᠡᠳ ᠳᠡᠭᠦᠰᠭᠡᠶ᠎ᠡ᠂ ᠰᠠᠶᠢ ᠵᠢ᠊ ᠬᠤᠰᠢᠭᠤ ᠳᠠᠷᠤᠭ᠎ᠠ ᠶᠢᠨ ᠥᠭᠡ ᠶᠢ ᠰᠤᠨᠤᠰᠤᠭᠠᠤᠨ ᠪᠢ ᠣᠴᠢᠷ ᠣᠬᠠᠭᠠᠨ ᠢ ᠨᠢ ᠮᠠᠳᠠᠯ᠎ᠠ᠃ ᠵᠢ᠊ ᠬᠤᠰᠢᠭᠤ ᠳᠠᠷᠤᠭ᠎ᠠ ᠶᠢᠨ ᠢᠩᠭᠢᠵᠤ ᠭᠢᠭᠦ ᠨᠢ ᠳᠠᠭᠠᠷᠠᠨ᠎ᠠ᠂ ᠦᠨᠡᠨ ᠳᠡᠭᠡᠨ ᠵᠢᠭᠠᠬᠠᠨ ᠣᠴᠢᠷ ᠪᠣᠯᠪᠠᠴᠤ ᠵᠢᠩᠭᠢᠨᠢ ᠡᠪ ᠬᠠᠮᠳᠤ ᠨᠠᠮ ᠤᠨ ᠣᠳᠤᠷᠢᠳᠬᠤ ᠺᠠᠳ᠋ᠷ ᠪᠣᠯᠳᠠᠭ ᠯᠠ ᠶᠤᠮ ᠪᠣᠯ ᠪᠠᠭ᠎ᠠ ᠰᠠᠭ᠎ᠠ ᠣᠴᠢᠷ ᠶᠠᠪᠣᠳᠠᠯ ᠳᠤ ᠴᠤ ᠭᠡᠳ ᠨᠠᠷᠢᠨ ᠭᠢᠨᠠᠮᠭᠠᠢ ᠬᠠᠠᠳᠤᠬᠤ ᠭᠡᠷᠡᠭ᠍ᠳᠡᠢ ᠭᠡᠰᠡᠨ ᠢ ᠬᠠᠷᠠᠭᠤᠯᠵᠤ ᠪᠠᠢ᠌ᠭ᠎ᠠ ᠶᠤᠮ᠃ ᠪᠢ ᠵᠢ᠊ ᠬᠤᠰᠢᠭᠤ ᠳᠠᠷᠤᠭ᠎ᠠ ᠶᠢᠨ ᠢᠩᠭᠢᠵᠤ ᠭᠢᠭᠦ ᠶᠢ ᠨᠢ ᠳᠠᠮᠵᠢᠵᠤ ᠪᠠᠢ᠌ᠨ᠎ᠠ᠂ ᠪᠢᠰᠢᠷᠠᠵᠤ ᠪᠠᠢ᠌ᠨ᠎ᠠ᠃ ᠵᠠ︕ ᠵᠢ᠊ ᠬᠤᠰᠢᠭᠤ ᠳᠠᠷᠤᠭ᠎ᠠ ᠮᠢᠨᠢ᠂ ᠬᠤᠶᠠᠭᠤᠯᠠ ᠪᠠᠨ ᠣᠳᠤ ᠨᠠᠢ᠌ᠯᠠᠵᠤ᠂ ᠡᠨᠡ ᠣᠷᠤᠢ ᠶᠢᠨ ᠥᠳᠡᠯᠭᠡ ᠶᠢᠨ ᠳᠠᠢ᠌ᠯᠠᠯᠭ᠎ᠠ ᠳᠤ ᠣᠷᠤᠯᠴᠠᠭᠰᠠᠨ ᠪᠦᠭᠦ ᠳᠠᠷᠤᠭ᠎ᠠ ᠨᠡᠷ ᠲᠤ ᠮᠤᠩᠭ᠋ᠤᠯ ᠨᠤᠳᠤᠭ ᠤᠨ ᠶᠢᠡᠨ ᠶᠤᠰᠤ ᠪᠠᠷ᠂ ᠮᠤᠩᠭ᠋ᠤᠯ ᠭᠦᠮᠤᠨ ᠤ ᠪᠠᠨ ᠵᠠᠩᠰᠢᠯ ᠶᠢᠡᠷ ᠭᠤᠷᠪᠠᠨ ᠬᠤᠠᠳᠠᠭ᠎ᠠ ᠠᠷᠢᠭᠢ ᠪᠠᠷᠢᠶ᠎ᠠ᠃ ᠳᠡᠭᠡᠭᠡᠳ ᠪᠢ ᠪᠠᠰᠠ ᠡᠨᠡ ᠣᠷᠤᠢ ᠵᠢ᠊ ᠬᠤᠰᠢᠭᠤ ᠳᠠᠷᠤᠭ᠎ᠠ ᠶᠢ ᠳᠠᠭᠠᠵᠤ᠂ ᠮᠠᠩᠬᠠᠳᠤ ᠰᠤᠮᠤᠨ ᠤ ᠮᠠᠩᠬᠠᠨ ᠪᠠᠯᠠᠷ ᠤᠨ ᠮᠠᠯᠴᠢᠨ ᠠᠪᠣ ᠶᠢᠨ ᠳᠤ ᠭᠦᠷᠴᠤ ᠬᠠᠮᠳᠤ ᠰᠡᠭᠦᠳᠡᠷ ᠳᠠᠳᠠᠭᠤᠯᠤᠶ᠎ᠠ ︕》 ᠭᠡᠵᠤ ᠭᠡᠯᠡᠭᠦ ᠳᠤ ᠪᠦᠭᠦᠳᠡᠭᠡᠷ ᠶᠢᠡᠨ ᠨᠢᠵᠢᠭᠢᠨᠠᠳᠠᠯᠠ ᠠᠯᠠᠭ᠎ᠠ ᠳᠠᠰᠢᠵᠤ ᠠᠷᠢᠭᠢ ᠶᠢ ᠨᠢ ᠣᠤᠭᠤᠵᠠᠭᠠᠯᠠ᠃
ᠰᠢ᠊ ᠭᠡᠯᠳᠡᠰ ᠤᠨ ᠳᠠᠷᠤᠭ᠎ᠠ᠂ ᠪᠣ ᠱᠦᠵᠢ᠂ ᠵᠢ᠊ ᠬᠤᠰᠢᠭᠤ ᠳᠠᠷᠤᠭ᠎ᠠ ᠨᠡᠷ ᠪᠠ᠊ ᠰᠤᠮᠤᠨ ᠳᠠᠷᠤᠭ᠎ᠠ ᠶᠢᠨ ᠵᠠᠮᠴᠢᠯᠠᠯᠭᠠ ᠪᠠᠷ ᠮᠠᠩᠬᠠᠳᠤ ᠰᠤᠮᠤᠨ ᠤ ᠮᠠᠩᠬᠠᠨ ᠪᠠᠯᠠᠷ ᠤᠨ ᠮᠠᠯᠴᠢᠨ ᠠᠪᠣ ᠶᠢᠨ ᠭᠡᠷ ᠢ ᠵᠥᠭᠯᠡᠪᠡ᠃ ᠵᠤᠨ ᠤ ᠣᠯᠠᠷᠢᠯ ᠤᠨ ᠰᠦᠨᠢ ᠨᠡᠭᠡᠷᠡᠨ ᠨᠠᠮ ᠭᠦᠮ᠃ ᠡᠨᠡ ᠰᠦᠨᠢ ᠡᠭᠦᠯᠡ ᠲᠡᠶ ᠪᠠᠢ᠌ᠭᠰᠠᠨ ᠪᠣᠯᠪᠠᠴᠤ ᠮᠦᠳᠳᠤ ᠳᠤᠩᠭ᠋ᠠᠯᠠᠭ ᠰᠠᠢ᠌ᠬᠠᠨ ᠪᠣᠯᠵᠠᠢ᠃ ᠴᠡᠩᠭᠡᠷ ᠣᠭᠳᠠᠷᠭᠤᠢ ᠶᠢᠨ ᠭᠦᠨ ᠳᠤ ᠣᠳᠤᠨ ᠮᠠᠴᠢᠳ ᠠᠨᠢᠪᠠᠯᠵᠠᠨ᠂ ᠳᠡᠷᠭᠡᠯ ᠰᠠᠷ᠎ᠠ ᠨᠢ ᠬᠠᠷᠢᠨ ᠲᠦᠮᠡᠨ ᠮᠢᠩᠭ᠋ᠠᠨ ᠣᠳᠤᠳ ᠤᠨ ᠳᠤᠮᠳᠠ ᠰᠠᠴᠤᠷᠠᠨ ᠳᠤᠶᠠᠭᠠᠷᠠᠨ᠎ᠠ᠃ ᠣᠳᠤᠨ ᠮᠠᠴᠢᠳ ᠨᠢ ᠳᠡᠷᠭᠡᠯ ᠰᠠᠷ᠎ᠠ ᠪᠠᠨ ᠭᠦᠷᠢᠶᠡᠯᠡᠵᠤ᠂ ᠳᠡᠷᠭᠡᠯ ᠰᠠᠷ᠎ᠠ ᠨᠢ ᠲᠦᠮᠡ ᠮᠢᠩᠭ᠋ᠠᠨ ᠣᠳᠤᠨ ᠮᠠᠴᠢᠳ ᠶᠢᠡᠨ ᠭᠡᠢ᠌ᠭᠦᠯᠤᠨ ᠭᠡᠷᠡᠯᠳᠦᠭᠦᠯᠤᠨᠡ᠃ ᠭᠡᠳᠦᠭᠦᠯᠡ ᠪᠠᠨ ᠨᠢᠭᠡ ᠨᠢᠭᠡ ᠪᠠᠨ ᠰᠠᠯᠤᠯ ᠦᠭᠡᠶ ᠳᠠᠭᠠᠵᠤ᠂ ᠬᠠᠷᠢᠯᠴᠠᠨ ᠨᠠᠷᠭᠢᠵᠤ᠂ ᠭᠦᠨ ᠮᠠᠩᠬᠠᠨ ᠳᠤ ᠭᠦᠯ ᠰᠢᠭᠢᠳᠤᠨ ᠶᠠᠪᠣᠬᠤ ᠳᠤ ᠪᠠᠨ ᠦᠪᠡᠷ ᠦᠪᠡᠷ ᠤᠨ ᠶᠢᠡᠨ ᠣᠴᠢᠷ ᠤᠳ ᠶᠢᠡᠨ ᠪᠣᠯᠢᠶᠠᠯᠳᠤᠨ ᠶᠠᠷᠢᠵᠤ᠂ ᠮᠡᠳᠡᠭ᠍ᠰᠡᠨ ᠴᠤ ᠦᠭᠡᠶ ᠪᠠᠢ᠌ᠳᠠᠯ᠎ᠠ ᠮᠠᠯᠴᠢᠨ ᠠᠪᠣ ᠶᠢᠨ ᠭᠡᠷ ᠲᠤ ᠭᠦᠷᠦᠯ᠎ᠡ᠃
ᠮᠠᠯᠴᠢᠨ ᠠᠪᠣ ᠶᠢᠨ ᠨᠢᠳᠤ ᠶᠡᠭᠡ ᠰᠠᠢ᠌ᠨ ᠶᠤᠮ ᠪᠠᠢ᠌ᠨ᠎ᠠ᠃ ᠵᠢ᠊ ᠬᠤᠰᠢᠭᠤ ᠳᠠᠷᠤᠭ᠎ᠠ ᠶᠢ ᠥᠵᠡᠮᠡᠭ᠍ᠴᠡ ᠳᠠᠨᠢᠭᠠᠤᠨ᠄
《ᠵᠢ᠊ ᠬᠤᠰᠢᠭᠤ ᠳᠠᠷᠤᠭ᠎ᠠ ᠮᠢᠨᠢ ᠮᠠᠩᠬᠠᠨ ᠪᠠᠯᠠᠷ ᠲᠤ ᠪᠠᠰᠠ ᠯᠠ ᠭᠢᠯᠠᠷᠠᠭᠤᠯᠤᠭᠠᠤᠨ ᠪᠠᠭᠤᠴᠢᠬᠠᠯ᠎ᠠ》 ᠭᠡᠵᠤ ᠭᠡᠯᠡᠭᠡᠳ ᠰᠡᠳᠭᠢᠯ ᠨᠢ ᠭᠦᠭ᠍ᠰᠡᠵᠤ᠂ ᠭᠦᠳᠡᠯᠵᠤ ᠪᠠᠷᠢᠬᠤ ᠨᠢ ᠴᠤ ᠬᠦᠩᠭᠡᠨ ᠪᠣᠯᠵᠠᠢ᠃ ᠪᠠ᠊ ᠰᠤᠮᠤᠨ ᠳᠠᠷᠤᠭ᠎ᠠ ᠶᠢᠨ ᠳᠠᠨᠢᠯᠴᠠᠭᠤᠯᠭ᠎ᠠ ᠪᠠᠷ ᠮᠠᠯᠴᠢᠨ ᠠᠪᠣ ᠢᠷᠡᠭ᠍ᠰᠡᠨ ᠭᠡᠢ᠌ᠴᠢᠳ ᠲᠡᠶ ᠪᠠᠨ ᠨᠢᠭᠡ ᠨᠢᠭᠡ ᠪᠠᠷ ᠭᠠᠷ ᠠᠳᠬᠤᠵᠤ ᠬᠠᠯᠠᠭᠤᠨ ᠪᠠᠶᠠᠷ ᠭᠦᠷᠭᠡᠪᠡ᠃ ᠮᠠᠯᠴᠢᠨ ᠠᠪᠣ ᠴᠤ ᠭᠡᠢ᠌ᠴᠢᠨ ᠢᠷᠡᠭᠦ ᠶᠢ ᠮᠡᠳᠡᠭ᠍ᠰᠡᠨ ᠰᠢᠭ᠌ ᠡᠷᠳᠡ ᠪᠣᠰᠤᠭᠰᠠᠨ ᠶᠤᠮ ᠪᠠᠢ᠌ᠨ᠎ᠠ᠂ ᠴᠢᠨᠠᠭᠰᠠᠨ ᠴᠠᠢ ᠨᠢ ᠶᠠᠭ ᠰᠠᠢ᠌ᠬᠠᠨ ᠪᠣᠴᠠᠯᠤᠮ᠎ᠠ ᠬᠠᠯᠠᠭᠤᠨ ᠪᠠᠢ᠌ᠯ᠎ᠠ᠃ ᠦᠷᠯᠦᠭᠡ ᠡᠷᠳᠡ ᠶᠢᠨ ᠨᠠᠷᠠ ᠨᠢ ᠮᠠᠩᠬᠠᠨ ᠤ ᠴᠠᠭᠠᠨ᠎ᠠ ᠡᠴᠠ ᠰᠠᠴᠤᠷᠠᠨ ᠮᠠᠠᠳᠤᠵᠤ᠂ ᠰᠢᠵᠢᠷ ᠠᠯᠳᠠᠨ ᠳᠤᠶᠠᠭ᠎ᠠ ᠨᠢ ᠰᠢᠯ ᠴᠤᠩᠬᠤ ᠪᠠᠷ ᠨᠠᠪᠳᠠᠷᠠᠨ ᠣᠷᠤᠵᠤ ᠢᠷᠡᠭᠡᠳ ᠮᠠᠯᠴᠢᠨ ᠠᠪᠣ ᠶᠢᠨ ᠡᠷᠦᠭᠡ ᠭᠡᠷ ᠢ ᠨᠢ ᠨᠠᠪᠳᠠ ᠭᠡᠢ᠌ᠭᠦᠯᠪᠡ᠃
ᠵᠢ᠊ ᠬᠤᠰᠢᠭᠤ ᠳᠠᠷᠤᠭ᠎ᠠ ᠮᠠᠯᠴᠢᠨ ᠠᠪᠣ ᠶᠢᠨ ᠠᠮᠤ ᠪᠣᠭᠤᠷᠰᠤᠭ᠂ ᠠᠯᠠᠭ ᠮᠢᠬ᠎ᠠ ᠭᠦᠰᠭᠦᠯᠦᠭ᠍ᠰᠡᠨ ᠠᠶᠠᠭ᠎ᠠ ᠲᠡᠶ ᠴᠠᠢ ᠡᠴᠠ ᠨᠢ ᠣᠤᠭᠤᠴᠢᠯᠠᠵᠤ ᠠᠪᠣᠭᠠᠤᠨ᠄
《ᠪᠢ ᠠᠪᠣ ᠶᠢᠨ ᠪᠠᠶ᠎ᠠ ᠪᠠᠷᠤᠭᠳᠠᠢ ᠪᠠᠢ᠌ᠬᠤ ᠰᠤᠷᠠᠭ ᠢ ᠰᠤᠨᠤᠰᠤᠯ᠎ᠠ᠂ ᠣᠳᠤ ᠳᠠᠨ ᠤ ᠴᠢᠷᠠᠢ ᠨᠢᠭᠤᠷ ᠴᠤ ᠨᠠᠯᠢᠶᠠᠤᠨ ᠭᠠᠢ᠌ᠭᠤᠢ ᠪᠠᠢ᠌ᠨ᠎ᠠ ᠰᠢᠳᠠ》 ᠭᠡᠵᠤ ᠬᠠᠯᠠᠮᠵᠢᠯᠠᠨ ᠠᠰᠠᠭᠤᠪᠠ᠃ ᠮᠠᠯᠴᠢᠨ ᠠᠪᠣ ᠴᠤ ᠵᠤᠷᠰᠢᠯ ᠶᠤᠰᠤᠭᠠᠷ ᠭᠠᠩᠰᠠ ᠲᠡᠶ ᠳᠠᠮᠠᠭᠢ ᠪᠠᠨ ᠭᠡᠳᠤ ᠰᠤᠷᠤᠵᠤ ᠠᠪᠣᠭᠠᠤᠨ᠄
《ᠡᠨᠡ ᠴᠤ ᠪᠦᠷ ᠪᠠ᠊ ᠰᠤᠮᠤᠨ ᠳᠠᠷᠤᠭ᠎ᠠ ᠶᠢᠨ ᠰᠠᠢ᠌ᠨ ᠶᠢᠡᠷ ᠰᠢᠤ᠃ ᠪᠢ ᠳᠡᠭᠡᠷ᠎ᠡ ᠣᠳᠠᠭ᠎ᠠ ᠪᠠᠶ᠎ᠠ ᠮᠠᠭᠤᠳᠠᠭᠠᠤᠨ ᠭᠡᠪᠳᠡᠷᠢ ᠳᠤ ᠣᠷᠤᠴᠢᠬᠠᠭᠠᠤᠨ ᠪᠠᠢ᠌ᠯ᠎ᠠ᠃ ᠨᠤᠳᠤᠭ ᠤᠨ ᠡᠮᠴᠢ ᠡᠴᠠ ᠡᠮ ᠣᠤᠭᠤᠭᠰᠠᠨ ᠪᠣᠯᠪᠠᠴᠤ ᠢᠯᠠᠷᠠᠢ ᠪᠣᠯᠤᠭᠰᠠᠨ ᠦᠭᠡᠶ᠂ ᠦᠨᠡᠨ ᠣᠢ᠌ᠯᠠ ᠳᠠᠮᠤ ᠪᠠᠨ ᠦᠵᠡᠯ᠎ᠠ᠃ ᠨᠢᠭᠡ ᠣᠳᠠᠭ᠎ᠠ ᠪᠠ᠊ ᠰᠤᠮᠤᠨ ᠳᠠᠷᠤᠭ᠎ᠠ ᠶᠠᠭ ᠰᠠᠢ᠌ᠬᠠᠨ ᠮᠠᠨ ᠤ ᠳᠤ ᠢᠷᠡᠭᠦ ᠳᠠᠭᠠᠷᠠᠭᠰᠠᠨ᠃ ᠳᠡᠭᠡᠭᠡᠳ ᠪᠠ᠊ ᠰᠤᠮᠤᠨ ᠳᠠᠷᠤᠭ᠎ᠠ ᠪᠠᠶ᠎ᠠ ᠪᠠᠷ ᠶᠢᠡᠨ ᠳᠤᠰᠬᠠᠢ ᠬᠤᠰᠢᠭᠤᠨ ᠳᠤ ᠭᠦᠷᠴᠤ ᠨᠠᠷᠠᠳᠠᠢ ᠡᠮᠴᠢ ᠵᠠᠯᠠᠵᠤ ᠠᠪᠴᠢᠷᠠᠭᠠᠤᠨ ᠨᠠᠮ᠎ᠠ ᠶᠢ ᠴᠤᠬᠤᠮ ᠰᠠᠢ᠌ᠨ ᠪᠠᠢ᠌ᠴᠠᠭᠠᠯᠭᠠᠭᠰᠠᠨ ᠳ᠋ᠠ᠃ ᠰᠠᠷ᠎ᠠ ᠭᠠᠷᠤᠢ ᠶᠢᠨ ᠡᠮ ᠳᠤᠮ ᠣᠤᠭᠤᠵᠤ ᠯᠤᠩᠬᠤ ᠮᠤᠩᠬᠤ ᠳᠡᠭᠦᠵᠢᠯᠡᠵᠤ ᠪᠠᠢ᠌ᠮᠠᠠᠵᠢᠨ ᠰᠠᠶᠢ ᠶᠠᠪᠣᠬᠤ ᠲᠡᠶ ᠪᠣᠯᠤᠭᠰᠠᠨ ᠰᠢᠤ᠃ ᠭᠦᠭᠡᠷᠦᠭᠦᠢ︕ ᠥᠨᠡᠭᠡᠷ ᠠᠮᠠᠷ ᠦᠭᠡᠶ᠂ ᠪᠢ ᠪᠠᠰᠠ ᠭᠡᠳᠤᠨ ᠵᠢᠯ ᠠᠮᠢᠳᠤ ᠶᠠᠪᠣᠬᠤ ᠵᠠᠶᠠᠭ᠎ᠠ ᠲᠡᠶ ᠯᠠ ᠶᠤᠮ ᠪᠠᠢ᠌ᠨ᠎ᠠ》 ᠭᠡᠵᠤ ᠳᠠᠷᠤᠭ᠎ᠠ ᠨᠡᠷ ᠲᠤ ᠬᠠᠷᠢᠭᠤ ᠮᠡᠳᠡᠭᠦᠯᠦᠯᠳᠡ ᠭᠢᠵᠤ ᠪᠠᠢ᠌ᠭ᠎ᠠ ᠶᠤᠮ ᠰᠢᠭ ᠵᠤᠭᠰᠤᠯ ᠦᠭᠡᠶ ᠶᠠᠷᠢᠵᠤ ᠯᠠ ᠪᠠᠢ᠌ᠯ᠎ᠠ᠃ ᠵᠢ᠊ ᠬᠤᠰᠢᠭᠤ ᠳᠠᠷᠤᠭ᠎ᠠ᠄
《ᠪᠢ ᠳᠡᠭᠡᠷ᠎ᠡ ᠣᠳᠠᠭ᠎ᠠ ᠠᠪᠣ ᠳᠠᠨ ᠲᠡᠶ ᠠᠪᠣᠭᠰᠠᠨ ᠰᠡᠭᠦᠳᠡᠷ ᠶᠢᠡᠨ ᠬᠤᠰᠢᠭᠤᠨ ᠳᠤ ᠬᠠᠷᠢᠭᠰᠠᠨ ᠤ ᠳᠠᠷᠠᠭ᠎ᠠ ᠨᠢᠭᠡ ᠰᠠᠢ᠌ᠬᠠᠨ ᠣᠭᠢᠶᠠᠵᠤ ᠭᠠᠷᠭᠠᠭᠠᠤᠨ ᠭᠦᠮᠤᠨ ᠶᠢᠡᠷ ᠳᠠᠢ᠌ᠯᠭᠠᠵᠤ ᠦᠭᠭᠦᠶ᠎ᠡ ᠭᠡᠰᠡᠨ ᠴᠢᠨᠢ ᠬᠠᠷᠢᠨ ᠬᠠᠷᠢᠬᠤ ᠵᠠᠮ ᠳᠠᠭᠠᠨ ᠭᠢᠴᠢᠶᠠᠮᠵᠢ ᠦᠭᠡᠶ ᠡᠴᠠ ᠪᠣᠯᠵᠤ᠂ ᠰᠡᠭᠦᠳᠡᠷ ᠤᠨ ᠮᠠᠰᠢᠨ ᠤ ᠠᠷᠤ ᠨᠢ ᠨᠡᠭᠡᠭᠡᠭ᠍ᠳᠡᠵᠤ ᠭᠡᠷᠡᠯ ᠥᠵᠡᠭᠦᠯᠦᠭ᠍ᠰᠡᠨ ᠳᠤᠯᠠ ᠰᠡᠭᠦᠳᠡᠷᠯᠡᠭ᠍ᠰᠡᠨ ᠰᠡᠭᠦᠳᠡᠷ ᠤᠳ ᠤᠨ ᠨᠢᠭᠡ ᠨᠢ ᠴᠤ ᠥᠯᠡᠳᠡᠭ᠍ᠰᠡᠨ ᠦᠭᠡᠶ ᠪᠦᠷ ᠪᠣᠯᠬᠤ ᠪᠠᠨ ᠪᠠᠢ᠌ᠭᠰᠠᠨ᠃ ᠳᠡᠭᠡᠭᠡᠳ ᠡᠨᠡ ᠣᠳᠠᠭ᠎ᠠ᠂ ᠬᠤᠳᠠ ᠶᠢᠨ ᠰᠢ᠊ ᠭᠡᠯᠳᠡᠰ ᠤᠨ ᠳᠠᠷᠤᠭ᠎ᠠ᠂ ᠬᠤᠰᠢᠭᠤᠨ ᠤ ᠪᠣ ᠱᠦᠵᠢ᠂ ᠰᠤᠮᠤᠨ ᠤ ᠪᠠ᠊ ᠰᠤᠮᠤᠨ ᠳᠠᠷᠤᠭ᠎ᠠ ᠪᠢᠳᠠ ᠭᠡᠳᠦᠭᠦᠯᠡ ᠳᠤᠰᠬᠠᠢ ᠠᠪᠣ ᠶᠢᠨ ᠳᠤ ᠢᠷᠠᠵᠤ᠂ ᠡᠨᠡ ᠰᠡᠭᠦᠳᠡᠷ ᠶᠢᠡᠨ ᠨᠥᠭᠦᠵᠤ ᠳᠠᠳᠠᠭᠤᠯᠤᠶ᠎ᠠ ᠭᠡᠰᠡᠨ ᠶᠤᠮ ᠡ ︕》 ᠭᠡᠵᠤ ᠮᠠᠯᠴᠢᠨ ᠠᠪᠣ ᠳᠤ ᠢᠷᠡᠭ᠍ᠰᠡᠨ ᠵᠤᠷᠢᠯᠭ᠎ᠠ ᠪᠠᠨ ᠳᠤᠳᠤᠷᠬᠠᠢ ᠭᠡᠯᠡᠪᠡ᠃
ᠵᠢ᠊ ᠬᠤᠰᠢᠭᠤ ᠳᠠᠷᠤᠭ᠎ᠠ ᠶᠢᠨ ᠭᠡᠯᠡᠭ᠍ᠰᠡᠨ ᠥᠭᠡ ᠶᠢ ᠰᠤᠨᠤᠰᠤᠭᠠᠤᠨ ᠮᠠᠯᠴᠢᠨ ᠠᠪᠣ ᠪᠠᠶᠠᠷᠯᠠᠬᠤ ᠳᠠᠭᠠᠨ ᠬᠠᠷᠠᠬᠤ ᠬᠤᠶᠠᠷ ᠨᠢᠳᠤ ᠨᠢ ᠡᠷᠢᠶᠡᠯᠵᠡᠵᠤ ᠬᠠᠯᠠᠭᠤᠨ ᠨᠢᠯᠪᠣᠰᠤ ᠨᠢ ᠦᠪᠡᠷ ᠤᠨ ᠡᠷᠭᠡ ᠦᠭᠡᠶ ᠪᠦᠮᠪᠦᠷᠢᠪᠡ᠃
ᠶᠠᠪᠣᠬᠤ ᠶᠢᠨ ᠡᠮᠦᠨᠡᠭᠢ ᠰᠡᠭᠦᠳᠡᠷ ᠳᠠᠳᠠᠬᠤ ᠠᠵᠢᠯ ᠡᠭᠢᠯᠡᠭᠦ ᠪᠣᠯᠤᠯ᠎ᠠ᠃ ᠡᠨᠡ ᠣᠳᠠᠭ᠎ᠠ ᠨᠠᠷᠢᠨ ᠪᠢᠴᠢᠭᠡᠴᠢ ᠶᠡᠭᠡ ᠯᠠ ᠭᠢᠴᠢᠶᠠᠮᠵᠢ ᠲᠡᠶ ᠣᠷᠤᠵᠤ᠂ ᠳᠡᠭᠡᠳᠤ ᠵᠡᠷᠭᠡ ᠶᠢᠨ ᠰᠡᠭᠦᠳᠡᠷ ᠤᠨ ᠮᠠᠰᠢᠨ ᠢ ᠨᠢ ᠳᠠᠮᠳᠠᠢ ᠱᠤᠮᠳᠠᠢ ᠣᠷᠤᠯᠳᠤᠨ ᠳᠠᠭᠠᠷᠠᠭᠤᠯᠵᠤ᠂ ᠮᠠᠩᠬᠠᠨ ᠪᠠᠯᠠᠷ ᠤᠨ ᠮᠠᠩᠬᠠᠨ ᠤ ᠬᠠᠵᠠᠭᠤ ᠪᠠᠷ᠂ ᠣᠷᠤᠢ ᠪᠠᠷ᠂ ᠮᠠᠯᠴᠢᠨ ᠠᠪᠣ ᠶᠢᠨ ᠭᠡᠷ ᠤᠨ ᠭᠢᠨ ᠤ ᠳᠤᠳᠤᠨ᠎ᠠ ᠭᠠᠳᠠᠨ᠎ᠠ᠂ ᠡᠷᠭᠢᠮ ᠳᠠᠷᠤᠭ᠎ᠠ ᠲᠡᠶ ᠨᠢ ᠡᠪᠳᠡᠢ ᠬᠠᠪᠣᠳᠠᠢ ᠰᠡᠭᠦᠳᠡᠷᠯᠡᠵᠤ ᠪᠠᠷᠠᠭᠠᠪᠠ᠃ ᠵᠢ᠊ ᠬᠤᠰᠢᠭᠤ ᠳᠠᠷᠤᠭ᠎ᠠ ᠳᠡᠭᠡᠳᠤ ᠵᠡᠷᠭᠡ ᠶᠢᠨ ᠰᠡᠭᠦᠳᠡᠷ ᠤᠨ ᠮᠠᠰᠢᠨ ᠡᠴᠠ ᠪᠠᠨ ᠪᠣᠳᠤᠭᠳᠠᠢ ᠰᠡᠭᠦᠳᠡᠷ ᠤᠳ ᠢ ᠳᠠᠷᠠ ᠳᠤᠤᠷ᠎ᠠ ᠨᠢ ᠭᠡᠳᠤᠨ ᠬᠤᠪᠢ ᠵᠤᠬᠢᠶᠠᠨ ᠭᠠᠷᠭᠠᠵᠤ᠂ ᠨᠢᠭᠡ ᠬᠤᠪᠢ ᠶᠢ ᠨᠢ ᠮᠠᠯᠴᠢᠨ ᠠᠪᠣ ᠳᠤ ᠭᠠᠷᠳᠠᠭᠤᠯᠤᠨ ᠥᠭ᠍ᠴᠤ ᠳᠤᠷᠠᠰᠬᠠᠯ ᠥᠯᠡᠳᠡᠭᠡᠪᠡ᠃ ᠮᠠᠯᠴᠢᠨ ᠠᠪᠣ ᠶᠢᠨ ᠪᠠᠶᠠᠷᠯᠠᠭᠰᠠᠨ ᠢ ᠶᠠᠭᠤᠨ ᠥᠭᠦᠯᠡᠭᠦ ᠠᠵᠢ᠂ ᠦᠷᠴᠢᠯᠡᠭᠡᠰᠦᠳᠡᠢ ᠦᠷᠭᠡᠨ ᠮᠠᠩᠨᠠᠢ ᠨᠢ ᠣᠯᠠᠮ ᠢᠯᠡᠭᠦᠤ ᠳᠠᠨᠢ᠌ᠵᠤ᠂ ᠦᠷᠤᠴᠠ ᠴᠡᠭᠡᠵᠢ ᠨᠢ ᠳᠠᠯ᠎ᠠ ᠭᠦᠳᠡᠭᠡ ᠰᠢᠭ᠌ ᠠᠭᠤᠳᠠᠮ᠂ ᠳᠠᠩᠰᠤᠭ ᠪᠠᠢ᠌ᠭᠠᠯᠢ ᠰᠢᠭ ᠬᠠᠨᠠᠭᠠᠷ ᠪᠣᠯᠵᠤ᠂ ᠥᠩᠭᠡᠳᠤ ᠬᠠᠳᠠᠭ ᠶᠢᠡᠨ ᠭᠠᠷᠭᠠᠨ ᠳᠡᠯᠭᠡᠵᠤ᠂ ᠦᠨᠦᠷᠳᠤ ᠰᠠᠷᠬᠤᠤᠨ ᠶᠢᠡᠨ ᠭᠡᠮᠨᠡᠨ ᠡᠷᠭᠦᠵᠤ᠂ ᠥᠡᠳᠦᠷᠯᠢᠭ᠌ ᠣᠷᠳᠤᠰ ᠤᠨ ᠠᠷᠠᠤᠨ ᠤᠨ ᠳᠠᠭᠤᠤ ᠪᠠᠨ ᠦᠪᠡᠷ ᠤᠨ ᠳᠦᠷᠤᠯᠭᠢ ᠬᠠᠩᠭᠢᠨᠠᠮ᠎ᠠ ᠬᠤᠭᠤᠯᠠᠢ ᠪᠠᠷ ᠶᠢᠡᠨ᠄
《ᠯᠤᠩᠬᠤᠨ ᠳᠤᠳᠤᠷ᠎ᠠ ᠪᠠᠨ ᠪᠠᠢ᠌ᠬᠤᠢ ᠳᠤ
ᠯᠤᠠᠳᠤᠨ ᠬᠠᠷ᠎ᠠ ᠯᠠ ᠠᠷᠢᠭᠢ ᠪᠠᠢ᠌ᠨ᠎ᠠ
ᠨᠤᠶᠠᠤᠨ ᠳᠠᠨ ᠳᠠᠭᠠᠨ ᠪᠠᠷᠢᠬᠤᠢ ᠳᠤ
ᠭᠠᠯᠵᠠᠭᠤ ᠬᠠᠷ᠎ᠠ ᠯᠠ ᠠᠷᠢᠭᠢ ᠪᠠᠢ᠌ᠨ᠎ᠠ
ᠠᠶᠠᠰ ᠳᠠᠨ ᠳᠠᠭᠠᠨ ᠰᠠᠢ᠌ᠨ
ᠣᠢ᠌ᠯᠠᠰ ᠮᠠᠨ ᠳᠠᠭᠠᠨ ᠰᠠᠢ᠌ᠨ
ᠠᠢ᠌ᠯᠠᠳᠬᠠᠵᠤ ᠪᠠᠷᠢᠶ᠎ᠠ ᠭᠦ᠋ 》ᠭᠡᠵᠤ ᠢᠷᠠᠭᠤ ᠭᠦᠭ᠍ᠵᠢᠮ ᠤᠨ ᠬᠠᠪᠰᠤᠷᠤᠯ ᠦᠭᠡᠶ ᠴᠤ᠂ ᠶᠠᠳᠤᠭ᠎ᠠ ᠱᠠᠠᠵᠠ ᠳᠡᠯᠡᠳᠦᠭ᠍ᠰᠡᠨ ᠦᠭᠡᠶ ᠴᠤ᠂ ᠬᠤᠩᠭ᠋ᠤᠷ ᠰᠠᠯᠭᠢᠨ ᠢ ᠬᠤᠷᠭᠤᠳᠠᠮᠠ ᠰᠠᠢ᠌ᠬᠠᠨ ᠳᠠᠭᠤᠯᠠᠪᠠ᠃
ᠨᠠᠮ ᠭᠦᠮ ᠮᠠᠩᠬᠠᠤᠨ ᠨᠢ ᠴᠤᠤᠷᠢᠶ᠎ᠠ ᠳᠠᠳᠠᠵᠤ᠂ ᠨᠠᠪᠴᠢᠰ ᠴᠡᠴᠡᠭ᠌ ᠤᠳ ᠢ ᠢᠨᠢᠶᠠᠨ ᠪᠦᠵᠢᠭᠯᠡᠭᠦᠯᠵᠤ᠂ ᠮᠠᠩᠬᠠᠨ ᠪᠠᠯᠠᠷ ᠤᠨ ᠨᠤᠭᠤᠭᠠᠨ ᠡᠪᠠᠰᠤ ᠨᠢ ᠮᠠᠯ ᠰᠦᠷᠦᠭ᠌ ᠤᠳ ᠢ ᠳᠠᠰᠬᠠᠨ ᠠᠮᠳᠠᠰᠢᠭᠤᠯᠵᠤ᠂ ᠮᠠᠯᠴᠢᠨ ᠠᠪᠣ ᠶᠢᠨ ᠠᠶᠠᠯᠭᠤ ᠳᠠᠭᠤᠤ ᠨᠢ ᠮᠠᠠᠳᠤᠬᠤ ᠨᠠᠷᠠᠨ ᠢ ᠪᠠᠶᠠᠰᠬᠠᠨ ᠢᠨᠢᠶᠡᠯᠭᠡᠯ᠎ᠡ᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠷᠠᠳᠢᠤ᠋ ᠺᠢᠨᠦ᠋ ᠳᠸᠯᠸᠢᠰ ᠤᠨ ᠥᠢᠯᠡᠴᠢᠯᠡᠭᠡᠨ ᠤ ᠲᠥᠪ
ᠵᠤᠬᠢᠶᠠᠭᠴᠢ᠄ ᠡᠤ ᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 70360
ᠴᠠᠭ᠄ 2013 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ