☆ ᠴᠤᠭᠳᠤ
ᠭᠠᠭᠴᠠ ᠴᠠᠭᠠᠨ ᠬᠤᠨᠢ
ᠳᠡᠭ᠍ᠷᠢ ᠴᠠᠭ ᠤᠨ ᠭᠠᠢ᠂ ᠣᠷᠤᠰᠬᠠᠯ ᠬᠤᠪᠢᠰᠬᠠᠯ ᠰᠢᠭ ᠰᠢᠷᠦᠭᠦᠰᠴᠤ
ᠳᠡᠨᠢᠭᠡᠷ ᠠᠭᠤᠳᠠᠮ ᠨᠤᠳᠤᠭ ᠤᠨ ᠮᠢᠨᠢ ᠵᠠᠬ᠎ᠠ ᠵᠤᠬ᠎ᠠ ᠡᠴᠡ ᠡᠮᠳᠡᠯᠡᠭ᠍ᠰᠡᠭᠡᠷ
ᠭᠠᠴᠢᠭᠳᠠᠵᠤ ᠶᠠᠳᠠᠵᠤ ᠲᠤᠢ᠌ᠯᠳᠠᠭᠰᠠᠨ ᠮᠠᠯᠴᠢᠨ ᠠᠢ᠌ᠯ ᠤᠨ ᠭᠦᠷᠦᠩᠭᠡ ᠡᠴᠡ
ᠭᠠᠭᠴᠠ ᠴᠠᠭᠠᠨ ᠬᠤᠨᠢ ᠯᠠ 《ᠰᠥᠷᠦᠭ᠌》 ᠪᠣᠯᠵᠤ ᠨᠠᠯᠠᠢ᠌ᠨ᠎ᠠ᠃
ᠠᠯᠳᠠᠨ ᠰᠢᠷᠭᠠᠯ ᠡᠯᠡᠰᠤᠨ ᠳᠡᠭᠡᠷ᠎ᠡ ᠴᠠᠭᠠᠨ ᠰᠤᠪᠣᠤᠨ ᠰᠢᠭ ᠨᠠᠯᠠᠢ᠌ᠨ᠎ᠠ
ᠠᠷᠭᠠᠵᠤ ᠬᠠᠳᠠᠭᠰᠠᠨ ᠬᠤᠷᠭᠤᠤᠯ ᠨᠢ ᠬᠤᠷᠤᠬᠠᠢ ᠪᠣᠯᠵᠤ ᠨᠡᠭᠦᠨ᠎ᠡ᠃
ᠭᠠᠯᠠᠭᠤᠳ ᠪᠣᠴᠠᠬᠤ ᠭᠤᠨᠢᠭ ᠶᠢᠡᠷ
ᠨᠡᠭᠦᠳᠡᠯ ᠤᠨ ᠨᠠᠮᠤᠷ ᠶᠢᠡᠨ ᠠᠷᠭᠠᠳᠠᠭᠰᠠᠭᠠᠷ
ᠭᠠᠵᠠᠷ ᠤᠨ ᠵᠢᠷᠤᠭ ᠤᠨ ᠳᠡᠭᠡᠷ᠎ᠡ ᠡᠴᠡ
ᠨᠤᠭᠤᠭᠠᠨ ᠪᠦᠷᠢᠳᠤ ᠪᠠᠨ ᠥᠭᠡᠢ᠌ᠯᠡᠨ᠎ᠡ᠃
ᠬᠤᠷᠢ ᠭᠦᠷᠭᠦ ᠦᠭᠡᠶ ᠳᠦᠭᠦᠷᠢᠭ᠌ ᠶᠢᠡᠷ
ᠬᠤᠨᠢᠨ ᠤ ᠭᠦᠵᠡᠭᠡ ᠠᠷᠢᠯᠭᠠᠨ᠎ᠠ ᠭᠡᠵᠤ
ᠬᠤᠷᠢᠮ ᠶᠢᠠᠨ ᠭᠢᠭᠡᠳᠦᠢ ᠦᠬᠢᠳ
ᠬᠤᠳᠠ ᠣᠷᠤᠭᠤ ᠴᠦᠮᠦᠷᠠᠨ᠂
ᠬᠠᠯᠠᠭᠤᠨ ᠨᠠᠷᠠᠨ ᠳᠤ ᠭᠤᠷᠰᠢᠨ
ᠬᠠᠭᠢᠷ ᠰᠠᠯᠭᠢᠨ ᠳᠤ ᠥᠯᠢᠶᠡᠭ᠍ᠳᠡᠨ
ᠬᠠᠰ ᠤᠨ ᠴᠠᠭᠠᠨ ᠴᠢᠷᠠᠢ ᠨᠢ
ᠬᠠᠭᠠᠷᠢᠭᠰᠠᠨ ᠪᠣᠤᠪᠣ ᠰᠢᠭ ᠭᠦᠷᠡᠩᠳᠡᠨ᠂
ᠬᠠᠢ᠌ᠷᠠᠨ ᠮᠤᠩᠭ᠋ᠤᠯ ᠵᠠᠯᠠᠭᠤᠰ
ᠭᠦᠯᠦᠰᠤᠨ ᠠᠵᠢᠯ ᠳᠤ ᠭᠦᠶᠦᠯᠴᠡᠨ
ᠬᠠᠷ᠎ᠠ ᠳᠠᠷ ᠶᠢᠡᠨ ᠰᠢᠪᠬᠠᠨ
ᠭᠦᠯᠦᠰᠢᠨ ᠤ ᠥᠭᠡᠷ ᠰᠢᠭ᠌ ᠵᠢᠦᠡᠭᠦᠨ
ᠴᠥᠮᠦᠭᠡ ᠪᠠᠷ ᠶᠢᠡᠨ ᠰᠤᠯᠢᠭᠰᠠᠨ ᠣᠷᠤᠯᠭ᠎ᠠ ᠪᠠᠨ
ᠵᠠᠷᠤᠯᠭ᠎ᠠ ᠶᠢᠨ ᠳᠠᠢ᠌ᠨ ᠳᠤ ᠵᠠᠷᠯᠢᠭᠳᠠᠵᠤ
ᠴᠢᠯᠦᠭᠡᠳᠤ ᠬᠠᠭᠠᠯᠠᠭ᠎ᠠ ᠲᠡᠶ ᠪᠠᠭᠠᠷ ᠤᠨ
ᠰᠢᠷᠡᠭᠡᠨ ᠳᠡᠭᠡᠷ᠎ᠡ ᠴᠢᠯᠠᠭᠤᠳᠠᠨᠠ᠃
ᠭᠠᠭᠴᠠ ᠴᠠᠭᠠᠨ ᠬᠤᠨᠢ ᠦᠯᠪᠠᠷᠠᠯ ᠵᠠᠷᠯᠠᠨ ᠮᠠᠢ᠌ᠯᠠᠨᠠ
ᠭᠠᠯ ᠨᠠᠷᠠᠨ ᠰᠢᠷᠠᠵᠤ ᠡᠪᠠᠰᠤ ᠦᠭᠡᠶ ᠳᠠᠯ᠎ᠠ ᠮᠠᠯᠴᠠᠢ᠌ᠨᠡ
ᠰᠢᠷᠤᠢ ᠮᠠᠷᠠᠨ ᠭᠤᠨᠢᠬᠤ ᠳᠠᠭᠠᠨ ᠪᠠᠯᠠᠷ ᠡᠷᠳᠡᠨ ᠶᠢᠠᠨ ᠮᠥᠷᠦᠭᠡᠳᠤᠨ
ᠰᠢᠭᠤᠢ ᠲᠡᠶ ᠪᠠᠢ᠌ᠭᠰᠠᠨ ᠠᠭᠤᠯᠠ ᠪᠠᠨ ᠪᠠᠷᠠᠯᠠᠨ ᠪᠠᠷᠠᠯᠠᠨ ᠮᠠᠯᠮᠠᠷᠠᠨᠡ᠃
ᠳᠦᠷᠦᠭ᠍ᠰᠡᠨ ᠨᠤᠳᠤᠭ ᠤᠨ ᠡᠪᠦᠯᠵᠢᠶᠡᠨ ᠡᠴᠡ
ᠲᠦᠯ ᠤᠨ ᠳᠠᠭᠤᠨ ᠳᠠᠰᠤᠷᠠᠨ᠎ᠠ
ᠳᠠᠮᠤᠷ ᠭᠡᠯᠡ ᠲᠡᠶ ᠰᠠᠯᠭᠢᠨ
ᠨᠤᠳᠤᠭ ᠡᠪᠳᠡᠵᠤ ᠥᠩᠭᠡᠷᠡᠨ᠎ᠡ᠃
ᠬᠤᠵᠢᠮ ᠤᠨ ᠨᠢᠭᠡᠨ ᠡᠳᠦᠷ
ᠬᠤᠨᠢᠨ ᠤ ᠭᠦᠵᠡᠭᠡ ᠴᠤ ᠬᠤᠪᠣᠷᠳᠤᠨᠠ
ᠬᠤᠳᠠ ᠭᠠᠵᠠᠷ ᠣᠴᠢᠭᠰᠠᠨ ᠴᠤ
ᠬᠤᠭᠤᠰᠤᠨ ᠯᠤᠩᠬᠤ ᠰᠢᠭ ᠬᠤᠴᠤᠷᠠᠨ᠎ᠠ ᠡ᠁
2010.3.25 ᠳᠤ ᠱᠠᠩᠳᠤ ᠪᠠᠯᠭᠠᠰᠤᠨ᠎ᠠ
ᠵᠤᠬᠢᠶᠠᠭᠴᠢ ᠶᠢᠨ ᠬᠠᠶᠢᠭ ᠄ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2010 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ