ᠨᠡᠪᠲᠡᠷᠡᠨ ᠤᠷᠤᠬᠤ
ᠮᠠᠨ ᠤ ᠳᠤ ᠠᠢ᠌ᠯᠴᠢᠯᠠᠭᠠᠷᠠᠢ

ᠭᠠᠵᠠᠷ ᠣᠰᠤᠨ ᠤ ᠳᠤᠤᠯᠢ ᠊᠊᠊᠊᠊᠊᠊᠊᠊᠊᠊᠊᠊᠊᠊

ᠭᠠᠯᠠᠪ ᠤᠨ ᠮᠥᠩᠭᠦᠨ ᠴᠡᠴᠡᠭᠡᠢ

ᠭᠦᠯᠢᠶᠡᠵᠤ ᠮᠡᠯᠳᠡᠷᠡᠭᠦ

ᠬᠦᠬᠡ‍ᠨᠠᠭᠤᠷ ᠲᠤ ᠮᠢᠨᠢ ᠢᠷᠠᠵᠤ

ᠮᠠᠨ ᠤ ᠳᠤ ᠠᠢ᠌ᠯᠴᠢᠯᠠᠭᠠᠷᠠᠢ︕

ᠥᠡᠳᠦᠷᠯᠢᠭ᠌ ᠤᠨ ᠮᠢᠨᠢ ᠳᠤᠷᠭᠠᠨ ᠭᠢᠯᠢ ᠊᠊᠊᠊᠊᠊᠊᠊᠊᠊᠊᠊᠊᠊᠊

ᠨᠠᠷᠠ ᠰᠠᠷᠠ ᠶᠢᠨ ᠭᠦᠳᠦᠯ ᠳᠠᠪᠠᠵᠤ

ᠢᠳᠡᠭᠡᠨ ᠰᠢᠷᠭᠠᠯ ᠳᠠᠷᠠᠰᠤ ᠲᠡᠶ

ᠨᠠᠮᠤᠷ ᠤᠨ ᠡᠭᠢᠨ ᠰᠠᠷ᠎ᠠ ᠳᠤ ᠯᠠ

ᠮᠠᠨ ᠤ ᠳᠤ ᠠᠢ᠌ᠯᠴᠢᠯᠠᠭᠠᠷᠠᠢ︕

ᠴᠠᠭ ᠤᠨ ᠰᠢᠪᠠᠭᠤ ᠵᠢᠷᠭᠢᠭ᠍ᠰᠡᠨ

ᠴᠡᠩᠭᠡᠷ ᠶᠡᠭᠡ ᠭᠤᠪᠢ ᠶᠢᠨ

ᠴᠠᠰᠤᠳᠤ ᠬᠠᠢ᠌ᠷᠬᠠᠨ ᠤ ᠡᠩᠭᠡᠷ ᠳᠠᠭᠢ

ᠴᠠᠢ᠌ᠳᠠᠮ ᠤᠨ ᠬᠤᠳᠤᠭᠤᠷ ᠲᠤ ᠮᠢᠨᠢ ᠢᠷᠠᠵᠤ

ᠮᠠᠨ ᠤ ᠳᠤ ᠠᠢ᠌ᠯᠴᠢᠯᠠᠭᠠᠷᠠᠢ︕

ᠳᠠᠩᠴᠢ ᠬᠤᠯᠠ ᠭᠡᠵᠤ ᠪᠣᠳᠤᠯ ᠦᠭᠡᠶ

ᠳᠡᠯᠡᠭᠡᠢ ᠶᠢᠨ ᠰᠡᠭᠡᠷ ᠳᠡᠭᠡᠷ᠎ᠡ ᠵᠢᠷᠭᠠᠭᠰᠠᠨ

ᠳᠡᠭᠡᠳᠤ ᠮᠤᠩᠭ᠋ᠤᠯ ᠤᠨ ᠮᠢᠨᠢ

ᠳᠡᠷᠭᠡᠯ ᠰᠠᠢ᠌ᠬᠠᠨ ᠭᠦᠳᠡᠭᠡ ᠳᠤ ᠪᠠᠭᠤᠵᠤ

ᠮᠠᠨ ᠤ ᠳᠤ ᠠᠢ᠌ᠯᠴᠢᠯᠠᠭᠠᠷᠠᠢ︕

ᠣᠯᠠᠨ ᠰᠢᠪᠠᠭᠤᠳ ᠤᠨ ᠨᠥᠷᠢᠯᠭᠡᠨ ᠶᠢᠡᠷ

ᠨᠤᠳᠤᠭ ᠣᠰᠤ ᠨᠢ ᠳᠤᠭᠳᠤᠯᠤᠭᠰᠠᠨ

ᠣᠨ ᠵᠢᠯ ᠤᠨ ᠪᠣᠭᠤᠷᠤᠯ ᠳᠤᠮᠤᠭ ᠴᠢᠩᠨᠠᠬᠤ ᠪᠠᠷ

ᠨᠠᠭᠤᠷ ᠤᠨ ᠭᠦᠪᠠᠭᠡᠨ ᠳᠤ ᠭᠦᠷᠦᠭᠡᠰᠡᠢ

ᠮᠠᠨ ᠤ ᠳᠤ ᠠᠢ᠌ᠯᠴᠢᠯᠠᠭᠠᠷᠠᠢ︕

ᠭᠦᠮᠤᠨ ᠤ ᠣᠬᠠᠭᠠᠨ ᠶᠢᠡᠷ ᠳᠡᠯᠭᠡᠷᠡᠭ᠍ᠰᠡᠨ

ᠵᠤᠨ ᠤ ᠳᠤᠰᠤᠨ ᠴᠡᠴᠡᠭ᠌ ᠰᠤᠨᠢᠷᠬᠠᠬᠤ ᠪᠠᠷ

ᠽᠥᠩᠺᠠᠸ᠎ᠠ ᠶᠢᠨ ᠳᠦᠷᠦᠭ᠍ᠰᠡᠨ ᠨᠤᠳᠤᠭ

ᠭᠦᠮᠪᠦᠮ ᠭᠡᠢ᠌ᠤᠨ ᠶᠢᠡᠷ ᠳᠤᠭᠤᠷᠢᠭᠠᠰᠠᠢ

ᠮᠠᠨ ᠤ ᠳᠤ ᠠᠢ᠌ᠯᠴᠢᠯᠠᠭᠠᠷᠠᠢ︕

ᠨᠠᠷᠠᠳᠤ ᠬᠤᠷᠸ᠎ᠠ ᠳᠤ ᠠᠳᠠᠯᠢᠬᠠᠨ ᠳᠦᠷᠦᠭ᠍ᠰᠡᠨ

ᠨᠢ᠋ᠮᠠᠨ ᠵᠥᠭ᠌ ᠤᠨ ᠨᠠᠢ᠌ᠵᠠ ᠨᠥᠭᠦᠤᠨ ᠮᠢᠨᠢ

ᠮᠥᠩᠭᠡ ᠶᠢᠨ ᠰᠠᠢ᠌ᠬᠠᠨ ᠢᠷᠦᠭᠡᠯ ᠶᠢᠡᠷ

ᠮᠦᠷᠠᠨ ᠤ ᠡᠭᠢᠨ ᠳᠤ ᠠᠭᠤᠯᠵᠠᠭᠠᠰᠠᠢ

ᠮᠠᠨ ᠤ ᠳᠤ ᠠᠢ᠌ᠯᠴᠢᠯᠠᠭᠠᠷᠠᠢ︕

ᠰᠠᠤᠠᠭᠢᠯ ᠤᠨ ᠠᠷᠢᠭᠤᠨ ᠳᠡᠭᠡᠵᠢ ᠊᠊᠊᠊᠊᠊᠊᠊᠊᠊᠊᠊᠊᠊᠊

ᠰᠠᠮᠪᠠᠢ ᠴᠠᠭᠠᠨ ᠬᠠᠳᠠᠭ ᠶᠢᠡᠨ ᠳᠡᠯᠭᠡᠨ

ᠥᠷᠭᠦᠭᠡ ᠭᠡᠷ ᠤᠨ ᠮᠢᠨᠢ ᠬᠣᠢ᠌ᠮᠤᠷ ᠲᠤ

ᠥᠡᠵᠢᠭᠡᠤᠨ ᠰᠠᠭᠤᠵᠤ ᠨᠠᠢ᠌ᠷᠯᠠᠭᠠᠰᠠᠢ

ᠮᠠᠨ ᠤ ᠳᠤ ᠠᠢ᠌ᠯᠴᠢᠯᠠᠭᠠᠷᠠᠢ︕


(《ᠦᠳᠦᠨ ᠴᠠᠭᠠᠨ ᠪᠠᠯᠡᠭ᠌》 ᠳᠡᠭᠦᠪᠦᠷᠢ ᠡᠴᠡ)

ᠵᠤᠬᠢᠶᠠᠭᠴᠢ᠄ ᠬᠢ᠊·ᠮᠥᠩᠭᠡᠪᠠᠶᠠᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3007
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ